阿巴嘎旗人民检察院
起 诉 书
阿检一部刑诉〔2020〕Z26号
ᠵᠠᠭᠠᠯᠳᠤᠭᠳᠠᠭᠴᠢ ᠰᠤ**᠂ ᠥᠭᠡᠷᠡ ᠨᠡᠷᠡ ᠰᠣ**1 ᠂ ᠡᠷᠡᠭᠲᠡᠢ᠂ 1985 ᠣᠨ ᠤ ** ᠰᠠᠷᠠ ᠶᠢᠨ** ᠦ ᠡᠳᠦᠷ ᠲᠦᠷᠦᠵᠡᠢ ᠂ ᠪᠡᠶᠡ ᠶᠢᠨ ᠦᠨᠡᠮᠯᠡᠯ ᠦᠨ ᠨᠣᠮᠸᠷ 1525251985********᠂ ᠮᠤᠩᠭᠤᠯ ᠦᠨᠳᠦᠰᠦᠳᠡᠨ᠂ ᠡᠷᠦᠬᠡ ᠠᠮᠠ ᠪᠠᠶᠢᠭᠠ ᠭᠠᠵᠠᠷ᠄ ᠦᠪᠦᠷ ᠮᠤᠩᠭᠤᠯ ᠤᠨ ᠰᠢᠯᠢ ᠶᠢᠨ ᠭᠣᠣᠯ ᠠᠶᠢᠮᠠᠭ ᠤᠨ ᠵᠡᠭᠦᠨ ᠦᠵᠦᠮᠦᠴᠢᠨ ᠬᠣᠰᠢᠭᠤ᠂ ᠰᠣᠶᠤᠯ ᠦᠭᠡᠢ᠂ ᠰᠤᠯᠠ ᠠᠵᠢᠯ ᠬᠢᠳᠡᠭ᠂ ᠪᠠᠷᠢᠪᠴᠢᠯᠠᠭᠳᠠᠬᠤ ᠠᠴᠠ ᠡᠮᠦᠨᠡ ᠠᠪᠠᠭᠠ ᠬᠣᠰᠢᠭᠤᠨ ᠤ ** ᠪᠠᠯᠭᠠᠰᠤᠨ ᠤ ** ᠲᠣᠭᠤᠷᠢᠭ ᠤᠨ ** ᠠᠰᠠᠷ ᠤᠨ ᠬᠣᠶᠠᠳᠤᠭᠠᠷ ᠨᠢᠭᠡᠴᠡ ᠶᠢᠨ ᠵᠢᠷᠭᠤᠳᠤᠭᠠᠷ ᠠᠰᠠᠷ ᠤᠨ ᠪᠠᠷᠠᠭᠤᠨ ᠡᠷᠦᠬᠡ ᠳᠦ ᠰᠠᠭᠤᠵᠤ ᠪᠠᠶᠢᠪᠠ᠃ 2008 ᠣᠨ ᠤ 12 ᠰᠠᠷᠠ ᠶᠢᠨ 5 ᠦ ᠡᠳᠦᠷ ᠬᠤᠯᠠᠭᠠᠶᠢᠯᠠᠭᠰᠠᠨ ᠶᠠᠯᠠ ᠪᠠᠷ ᠵᠡᠭᠦᠨ ᠦᠵᠦᠮᠦᠴᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠳᠤ ᠳᠦᠷᠪᠡᠨ ᠵᠢᠯ ᠦᠨ ᠬᠤᠭᠤᠴᠠᠭᠠ ᠲᠠᠢ ᠬᠣᠷᠢᠬᠣ ᠡᠷᠡᠭᠦᠦ ᠰᠢᠳᠭᠡᠯ ᠢᠶᠡᠷ ᠶᠠᠯᠠᠯᠠᠭᠳᠠᠪᠠ᠂ 2020 ᠣᠨ ᠤ 1 ᠰᠠᠷᠠ ᠶᠢᠨ 14 ᠦ ᠡᠳᠦᠷ ᠠᠶᠤᠯᠲᠠᠢ ᠵᠢᠯᠣᠭᠤᠳᠤᠭᠰᠠᠨ ᠶᠠᠯᠠ ᠪᠠᠷ ᠠᠪᠠᠭᠠ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠳᠤ ᠬᠣᠶᠠᠷ ᠰᠠᠷᠠ ᠠᠷᠪᠠᠨ ᠲᠠᠪᠤᠨ ᠡᠳᠦᠷ ᠬᠣᠷᠢᠵᠤ ᠬᠦᠳᠡᠯᠮᠦᠷᠢᠯᠡᠭᠦᠯᠬᠦ ᠪᠡᠷ ᠰᠢᠭᠦᠨ ᠲᠠᠰᠤᠯᠬᠤ ᠶᠢᠨ ᠬᠠᠮᠲᠤ 1500.00 ᠲᠥᠭᠦᠷᠢᠭ ᠠᠷᠠᠳ ᠤᠨ ᠵᠣᠭᠤᠰ ᠢᠶᠠᠷ ᠶᠠᠯᠠᠯᠠᠭᠳᠠᠪᠠ᠃ 2019 ᠣᠨ ᠤ 11 ᠰᠠᠷᠠ ᠶᠢᠨ 25 ᠦ ᠡᠳᠦᠷ ᠵᠣᠷᠢᠭᠤᠳᠠ ᠰᠢᠷᠬᠠᠳᠤᠭᠤᠯᠤᠭᠰᠠᠨ ᠶᠠᠯᠠ ᠶᠢᠨ ᠰᠡᠵᠢᠭᠯᠡᠯ ᠢᠶᠡᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠤᠪᠴᠢᠶᠠᠨ ᠳᠤ ᠡᠷᠡᠭᠦᠦ ᠶᠢᠨ ᠲᠦᠷ ᠬᠣᠷᠢᠯᠲᠠ ᠪᠠᠷ ᠬᠣᠷᠢᠭᠳᠠᠵᠤ᠂ 2020 ᠣᠨ ᠤ 1 ᠰᠠᠷᠠ ᠶᠢᠨ 1 ᠦ ᠡᠳᠦᠷ ᠮᠠᠨ ᠤ ᠬᠣᠷᠢᠶᠠᠨ ᠤ ᠵᠦᠪᠰᠢᠶᠡᠷᠡᠯ ᠢᠶᠡᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠣᠪᠴᠢᠶᠠᠨ ᠳᠤ ᠬᠠᠤᠯᠢ ᠶᠣᠰᠤᠭᠠᠷ ᠪᠠᠷᠢᠪᠴᠢᠯᠠᠭᠳᠠᠪᠠ᠃
ᠵᠠᠭᠠᠯᠳᠤᠭᠳᠠᠭᠴᠢ ᠵᠠᠩ**᠂ ᠡᠷᠡᠭᠲᠡᠢ᠂ 1976 ᠣᠨ ᠤ ** ᠰᠠᠷᠠ ᠶᠢᠨ ** ᠦ ᠡᠳᠦᠷ ᠲᠦᠷᠦᠵᠡᠢ ᠂ ᠪᠡᠶᠡ ᠶᠢᠨ ᠦᠨᠡᠮᠯᠡᠯ ᠦᠨ ᠨᠣᠮᠸᠷ 1525221976********᠂ ᠮᠤᠩᠭᠤᠯ ᠦᠨᠳᠦᠰᠦᠳᠡᠨ᠂ ᠡᠷᠦᠬᠡ ᠠᠮᠠ ᠪᠠᠶᠢᠭᠠ ᠭᠠᠵᠠᠷ᠄ ᠦᠪᠦᠷ ᠮᠤᠩᠭᠤᠯ ᠤᠨ ᠰᠢᠯᠢ ᠶᠢᠨ ᠭᠣᠣᠯ ᠠᠶᠢᠮᠠᠭ ᠤᠨ ᠠᠪᠠᠭᠠ ᠬᠣᠰᠢᠭᠤ᠂ ᠪᠠᠭᠠ ᠰᠤᠷᠭᠠᠭᠤᠯᠢ ᠶᠢᠨ ᠰᠣᠶᠤᠯ ᠲᠠᠢ᠂ ᠮᠠᠯᠴᠢᠨ᠂ ᠪᠠᠷᠢᠪᠴᠢᠯᠠᠭᠳᠠᠬᠤ ᠠᠴᠠ ᠡᠮᠦᠨᠡ ᠠᠪᠠᠭᠠ ᠬᠣᠰᠢᠭᠤᠨ ᠤ ** ᠪᠠᠯᠭᠠᠰᠤᠨ ᠤ ** ᠭᠠᠴᠠᠭᠠᠨ ᠤ ** ᠳ᠋ᠤᠭᠠᠷ ᠨᠣᠮᠸᠷ ᠲᠤ ᠰᠠᠭᠤᠵᠤ ᠪᠠᠶᠢᠪᠠ᠃ 2017 ᠣᠨ 2 ᠰᠠᠷᠠ ᠶᠢᠨ 23 ᠦ ᠡᠳᠦᠷ ᠠᠶᠤᠯᠲᠠᠢ ᠵᠢᠯᠣᠭᠤᠳᠤᠭᠰᠠᠨ ᠶᠠᠯᠠ ᠪᠠᠷ ᠠᠪᠠᠭᠠ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠳᠤ ᠬᠣᠶᠠᠷ ᠰᠠᠷᠠ ᠬᠣᠷᠢᠵᠤ ᠬᠦᠳᠡᠯᠮᠦᠷᠢᠯᠡᠭᠦᠯᠬᠦ ᠪᠡᠷ ᠰᠢᠭᠦᠨ ᠲᠠᠰᠤᠯᠬᠤ ᠶᠢᠨ ᠬᠠᠮᠲᠤ 2000.00 ᠲᠥᠭᠦᠷᠢᠭ ᠠᠷᠠᠳ ᠤᠨ ᠵᠣᠭᠤᠰ ᠢᠶᠠᠷ ᠶᠠᠯᠠᠯᠠᠭᠳᠠᠪᠠ᠃ 2019 ᠣᠨ ᠤ 11 ᠰᠠᠷᠠ ᠶᠢᠨ 25 ᠦ ᠡᠳᠦᠷ ᠵᠣᠷᠢᠭᠤᠳᠠ ᠰᠢᠷᠬᠠᠳᠤᠭᠤᠯᠤᠭᠰᠠᠨ ᠶᠠᠯᠠ ᠶᠢᠨ ᠰᠡᠵᠢᠭᠯᠡᠯ ᠢᠶᠡᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠤᠪᠴᠢᠶᠠᠨ ᠳᠤ ᠡᠷᠡᠭᠦᠦ ᠶᠢᠨ ᠲᠦᠷ ᠬᠣᠷᠢᠯᠲᠠ ᠪᠠᠷ ᠬᠣᠷᠢᠭᠳᠠᠵᠤ᠂ 2020 ᠣᠨ ᠤ 1 ᠰᠠᠷᠠ ᠶᠢᠨ 1 ᠦ ᠡᠳᠦᠷ ᠮᠠᠨ ᠤ ᠬᠣᠷᠢᠶᠠᠨ ᠤ ᠵᠦᠪᠰᠢᠶᠡᠷᠡᠯ ᠢᠶᠡᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠣᠪᠴᠢᠶᠠᠨ ᠳᠤ ᠬᠠᠤᠯᠢ ᠶᠣᠰᠤᠭᠠᠷ ᠪᠠᠷᠢᠪᠴᠢᠯᠠᠭᠳᠠᠪᠠ᠃
ᠲᠤᠰ ᠬᠡᠷᠡᠭ ᠢ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠪᠠᠶᠢᠴᠠᠭᠠᠵᠤ ᠳᠠᠭᠤᠰᠬᠠᠭᠠᠳ᠂ ᠵᠠᠭᠠᠯᠳᠤᠭᠳᠠᠭᠴᠢ ᠰᠤ**᠂ ᠵᠠᠩ** ᠢ ᠵᠣᠷᠢᠭᠤᠳᠠ ᠰᠢᠷᠬᠠᠳᠤᠭᠤᠯᠤᠭᠰᠠᠨ ᠶᠠᠯᠠ ᠶᠢᠨ ᠰᠡᠵᠢᠭᠯᠡᠯ ᠢᠶᠡᠷ ᠂ 2020 ᠣᠨ ᠤ 2 ᠰᠠᠷᠠ ᠶᠢᠨ 28 ᠦ ᠡᠳᠦᠷ ᠮᠠᠨ ᠤ ᠬᠣᠷᠢᠶᠠᠨ ᠳᠤ ᠬᠢᠨᠠᠨ ᠵᠠᠭᠠᠯᠳᠤᠭᠤᠯᠬᠤ ᠪᠡᠷ ᠰᠢᠯᠵᠢᠭᠦᠯᠦᠨ ᠢᠷᠡᠭᠦᠯᠦᠭᠰᠡᠨ ᠪᠠᠶᠢᠨᠠ᠃ ᠲᠤᠰ ᠬᠤᠷᠢᠶᠠ ᠬᠡᠷᠡᠭ ᠢ ᠬᠦᠯᠢᠶᠡᠨ ᠠᠪᠤᠭᠰᠠᠨ ᠤ ᠲᠠᠷᠠᠭᠠ ᠂ 2 28 ᠬᠣᠶᠠᠷ ᠵᠠᠭᠠᠯᠳᠤᠭᠳᠠᠭᠴᠢ ᠳᠤ ᠦᠮᠦᠭᠯᠡᠭᠴᠢ ᠵᠠᠯᠠᠬᠤ ᠡᠷᠬᠡ ᠲᠠᠢ ᠭᠡᠵᠤ ᠮᠡᠳᠡᠭᠳᠡᠬᠦ ᠶᠢᠨ ᠬᠠᠮᠲᠤ ᠶᠠᠯᠠ ᠪᠠᠨ ᠮᠡᠳᠡᠷᠡᠨ ᠰᠢᠳᠬᠡᠯ ᠬᠦᠯᠢᠶᠡᠪᠡᠯ ᠠᠭᠤᠴᠢᠯᠠᠨ ᠰᠢᠳᠭᠡᠬᠦ ᠶᠢᠨ ᠬᠠᠤᠯᠢ ᠶᠢᠨ ᠦᠷᠡ ᠨᠦᠯᠦᠭᠡ ᠶᠢ ᠮᠡᠳᠡᠭᠳᠡᠵᠤ᠂ ᠬᠣᠣᠷᠯᠠᠭᠳᠠᠭᠴᠢ ᠶᠢᠨ ᠭᠡᠷ ᠪᠦᠯᠢ ᠳᠦ ᠵᠠᠷᠭᠤ ᠶᠢᠨ ᠣᠷᠤᠯᠠᠭᠴᠢ ᠨᠠᠶᠢᠳᠠᠬᠤ ᠡᠷᠬᠡ ᠲᠠᠢ ᠭᠡᠵᠤ ᠮᠡᠳᠡᠭᠳᠡᠪᠡ᠃ ᠵᠠᠭᠠᠯᠳᠤᠭᠳᠠᠭᠴᠢ ᠶᠢ ᠰᠢᠭᠦᠨ ᠠᠰᠠᠭᠤᠵᠤ ᠂ ᠪᠦᠬᠦ ᠬᠡᠷᠡᠭ ᠦᠨ ᠮᠠᠲᠸᠷᠢᠶᠠᠯ ᠢ ᠬᠢᠨᠠᠨ ᠪᠠᠶᠢᠴᠠᠭᠠᠪᠠ ᠃ ᠲᠣᠰ ᠬᠣᠷᠢᠶᠠ 2020 ᠣᠨ ᠤ 5 ᠰᠠᠷᠠ ᠶᠢᠨ 9 ᠤ ᠡᠳᠦᠷ ᠪᠠ 2020 ᠣᠨ ᠤ 6 ᠰᠠᠷᠠ ᠶᠢᠨ 24 ᠤ ᠡᠳᠦᠷ ᠲᠤᠷᠰᠢᠨ ᠪᠠᠶᠢᠴᠠᠭᠠᠬᠤ ᠪᠠᠶᠢᠭᠤᠯᠭᠠ ᠳᠤ ᠨᠦᠬᠦᠪᠦᠷᠢᠯᠡᠨ ᠲᠤᠷᠰᠢᠨ ᠪᠠᠶᠢᠴᠠᠭᠠᠯᠭᠠᠬᠤ ᠪᠠᠷ ᠪᠣᠴᠠᠭᠠᠪᠠ᠃ ᠮᠠᠨ ᠤ ᠬᠣᠷᠢᠶᠠ 2020 ᠣᠨ ᠤ 3 ᠰᠠᠷᠠ ᠶᠢᠨ 29 ᠦ ᠡᠳᠦᠷ᠂ 2020 ᠣᠨ ᠤ 6 ᠰᠠᠷᠠ ᠶᠢᠨ 9 ᠤ ᠡᠳᠦᠷ᠂ 2020 ᠣᠨ ᠤ 8 ᠰᠠᠷᠠ ᠶᠢᠨ 25 ᠤ ᠡᠳᠦᠷ ᠬᠠᠤᠯᠢ ᠶᠣᠰᠤᠭᠠᠷ ᠬᠢᠨᠠᠨ ᠪᠠᠶᠢᠴᠠᠭᠠᠵᠤ ᠵᠠᠭᠠᠯᠳᠤᠬᠤ ᠬᠤᠭᠤᠴᠠᠭᠠ ᠶᠢ ᠭᠤᠷᠪᠠ ᠤᠳᠠᠭᠠ ᠤᠷᠲᠤᠳᠬᠠᠪᠠ᠃
ᠬᠢᠨᠠᠨ ᠲᠤᠳᠤᠯᠠᠭᠰᠠᠨ ᠨᠢ ᠄ 2019 ᠣᠨ ᠤ 11 ᠰᠠᠷᠠ ᠶᠢᠨ 22 ᠦ ᠣᠷᠤᠢ 22 ᠴᠠᠭ ᠤᠨ ᠦᠶᠡ ᠪᠡᠷ᠂ ᠵᠠᠭᠠᠯᠳᠤᠭᠳᠠᠭᠴᠢ ᠰᠤ**᠂ ᠵᠠᠭᠠᠯᠳᠤᠭᠳᠠᠭᠴᠢ ᠵᠠᠩ**᠂ ᠬᠣᠣᠷᠯᠠᠭᠳᠠᠭᠴᠢ ᠡ**᠂ ᠤ** ᠵᠡᠷᠭᠡ ᠬᠦᠮᠦᠰ ᠶᠡᠬᠡᠭᠣᠣᠯ ᠰᠣᠮᠤᠨ ᠳᠤ ᠠᠷᠢᠬᠢ ᠤᠤᠭᠤᠵᠤ ᠰᠣᠭᠲᠤᠭᠠᠳ᠂ ᠵᠠᠭᠠᠯᠳᠤᠭᠳᠠᠭᠴᠢ ᠰᠤ**蒙H***** ᠨᠣᠮᠸᠷᠲᠤ ᠤᠯᠠᠭᠠᠨ ᠦᠩᠭᠡᠲᠡᠢ ᠴᠠᠩ ᠴᠸᠩ C30 ᠲᠡᠷᠭᠡ ᠵᠢᠯᠣᠭᠤᠳᠤᠨ ᠤ**᠂ ᠵᠠᠭᠠᠯᠳᠤᠭᠳᠠᠭᠴᠢ ᠵᠠᠩ** ᠪᠠ ᠬᠣᠣᠷᠯᠠᠭᠳᠠᠭᠴᠢ ᠡ** ᠲᠠᠢ ᠳᠦᠷᠪᠡᠭᠦᠯᠡ ᠠᠪᠠᠭᠠ ᠬᠣᠰᠢᠭᠤᠨ ᠳᠤ ᠪᠤᠴᠠᠬᠤ ᠵᠠᠮ ᠳᠡᠭᠡᠷᠡ᠂ ᠵᠠᠭᠠᠯᠳᠤᠭᠳᠠᠭᠴᠢ ᠵᠠᠩ** ᠬᠣᠣᠷᠯᠠᠭᠳᠠᠭᠴᠢ ᠡ** ᠲᠠᠢ ᠠᠷᠤ ᠶᠢᠨ ᠰᠠᠭᠤᠳᠠᠯ ᠳᠤ ᠥᠷᠢ ᠥᠭᠴᠡᠭᠡᠨ ᠦ ᠤᠴᠢᠷ ᠠᠴᠠ ᠬᠡᠷᠡᠭᠦᠯ ᠪᠣᠯᠵᠤ ᠬᠣᠣᠷᠯᠠᠭᠳᠠᠭᠴᠢ ᠡ ** ᠤᠨ ᠲᠣᠯᠤᠭᠠᠢ ᠤᠷᠤᠭᠤ ᠨᠢ ᠴᠣᠬᠢᠵᠠᠢ᠃ ᠵᠠᠮ ᠳᠡᠭᠡᠷᠡ ᠬᠣᠣᠷᠯᠠᠭᠳᠠᠭᠴᠢ ᠡᠷᠳᠡᠨᠢᠪᠠᠶᠠᠷ ᠤᠨ ᠳᠡᠭᠦᠦ ᠴᠢ** ᠬᠣᠣᠷᠯᠠᠭᠳᠠᠭᠴᠢ ᠡ** ᠲᠠᠢ ᠸᠢᠴᠠᠲ ᠢᠶᠠᠷ ᠤᠲᠠᠰᠤ ᠠᠪᠬᠤ ᠳᠤ ᠵᠠᠭᠠᠯᠳᠤᠭᠳᠠᠭᠴᠢ ᠵᠠᠩ** ᠪᠣᠯᠤᠨ ᠵᠠᠭᠠᠯᠳᠤᠭᠳᠠᠭᠴᠢ ᠰᠤ** ᠬᠣᠶᠠᠭᠤᠯᠨ ᠸᠢᠴᠠᠲ ᠳᠡᠭᠡᠷᠡ ᠠᠬᠠ ᠡ** ᠴᠢᠨᠢ ᠥᠷᠢ ᠲᠡᠢ ᠭᠡᠵᠣ ᠬᠠᠷᠢᠶᠠᠯ ᠲᠠᠯᠪᠢᠵᠤ᠂ ᠳᠡᠮᠡᠢ ᠤᠳᠠᠯ ᠦᠭᠡᠢ ᠤ** ᠲᠡᠷᠭᠡᠨ ᠵᠢᠯᠣᠭᠤᠳᠤᠨ ᠶᠠᠪᠤᠬᠤ ᠳᠤ ᠵᠠᠭᠠᠯᠳᠤᠭᠳᠠᠭᠴᠢ ᠰᠤ** ᠵᠢᠯᠣᠭᠤᠴᠢ ᠶᠢᠨ ᠬᠠᠵᠠᠭᠤ ᠰᠠᠭᠤᠳᠠᠯ ᠠᠴᠠ ᠠᠷᠤ ᠶᠢᠨ ᠰᠠᠭᠤᠳᠠᠯ ᠳᠤ ᠮᠦᠯᠬᠦᠨ ᠣᠴᠢᠵᠤ ᠬᠣᠣᠷᠯᠠᠭᠳᠠᠭᠴᠢ ᠡ ** ᠤᠨ ᠲᠣᠯᠤᠭᠠᠢ ᠤᠷᠤᠭᠤ ᠨᠢ ᠴᠣᠬᠢᠵᠤ ᠢᠰᠭᠦᠯᠵᠡᠢ᠃ ᠠᠪᠠᠭᠠ ᠬᠣᠰᠢᠭᠤᠨ ᠳᠤ ᠬᠦᠷᠦᠭᠰᠡᠨ ᠦ ᠳᠠᠷᠠᠭᠠ᠂ ᠵᠠᠭᠠᠯᠳᠤᠭᠳᠠᠭᠴᠢ ᠰᠤ** ** ᠲᠣᠭᠤᠷᠢᠭ ᠤᠨ ᠠᠰᠠᠷ ᠤᠨ ᠳᠣᠣᠷᠠ ᠲᠡᠷᠭᠡ ᠪᠡᠨ ᠵᠡᠭᠦᠨᠰᠢ ᠬᠠᠨᠳᠤᠭᠤᠯᠤᠨ ᠵᠣᠭᠰᠤᠭᠠᠵᠤ ᠤ** ᠲᠠᠢ ᠬᠣᠶᠠᠭᠤᠯᠨ ᠭᠡᠷ ᠳᠡᠭᠡᠨ ᠣᠷᠤᠵᠤ᠂ ᠵᠠᠭᠠᠯᠳᠤᠭᠳᠠᠭᠴᠢ ᠵᠠᠩ** ᠰᠠᠭᠤᠳᠠᠯ ᠳᠡᠭᠡᠷᠡ ᠬᠡᠪᠲᠡᠵᠦ᠂ ᠬᠣᠣᠷᠯᠠᠭᠳᠠᠭᠴᠢ ᠡ** ᠤᠨ ᠲᠣᠯᠤᠭᠠᠢ ᠨᠢ ᠵᠡᠭᠦᠨ ᠬᠦᠯ ᠨᠢ ᠪᠠᠷᠠᠭᠤᠨᠰᠢ ᠬᠠᠨᠳᠤᠵᠤ ᠠᠷᠤ ᠰᠠᠭᠤᠳᠠᠯ ᠤᠨ ᠳᠣᠣᠷᠠ ᠬᠡᠪᠲᠡᠭᠡᠳ ᠤᠨᠲᠠᠵᠤ ᠪᠠᠶᠢᠵᠠᠢ᠃ ᠳᠠᠷᠠᠭᠠ ᠦᠷᠯᠦᠭᠡ ᠨᠢ ᠵᠠᠭᠠᠯᠳᠤᠭᠳᠠᠭᠴᠢ ᠵᠠᠩ** ᠰᠡᠷᠢᠭᠡᠳ ᠵᠠᠭᠠᠯᠳᠤᠭᠳᠠᠭᠴᠢ ᠰᠤ** ᠶᠢᠨ ᠭᠡᠷ ᠲᠤ ᠣᠷᠤᠵᠤ᠂ ᠦᠳᠡ ᠶᠢᠨ ᠬᠣᠶᠢᠨᠠ ᠶᠢᠨ 14 ᠴᠠᠭ ᠤᠨ ᠦᠶᠡᠰ ᠢᠶᠡᠷ ᠬᠣᠣᠷᠯᠠᠭᠳᠠᠭᠴᠢ ᠡ** ᠲᠡᠷᠭᠡᠨ ᠤ ᠠᠷᠤ ᠰᠠᠭᠤᠳᠠᠯ ᠤᠨ ᠳᠣᠣᠷᠠ ᠬᠡᠪᠲᠡᠨ ᠤᠨᠲᠠᠭᠰᠠᠨ ᠢᠶᠡᠷ ᠢᠶᠡᠨ ᠦᠬᠦᠴᠢᠭᠡᠭᠰᠡᠨ ᠪᠠᠶᠢᠵᠠᠢ᠃ ᠬᠠᠤᠯᠢ ᠶᠢᠨ ᠡᠮᠴᠢ ᠡᠴᠡ ᠬᠣᠣᠷᠯᠠᠭᠳᠠᠭᠴᠢ ᠡ ** ᠢ ᠭᠠᠳᠠᠭᠠᠲᠤ ᠬᠦᠴᠦᠨ ᠤ ᠦᠢᠯᠡᠳᠦᠯ ᠡᠴᠡ ᠲᠠᠷᠢᠬᠢ ᠨᠢ ᠪᠡᠷᠳᠡᠨ ᠰᠢᠷᠬᠠᠳᠤᠵᠤ᠂ ᠲᠤᠤᠷᠯᠢᠭ ᠪᠦᠷᠬᠦᠪᠴᠢ ᠶᠢᠨ ᠳᠣᠣᠷᠠ ᠬᠦᠨᠳᠡᠢ ᠡᠴᠡ ᠨᠢ ᠴᠢᠰᠥ ᠭᠠᠷᠴᠣ ᠲᠠᠷᠢᠬᠢᠨ ᠤ ᠠᠵᠢᠯᠯᠠᠭᠠ ᠨᠢ ᠬᠠᠷᠰᠢᠯᠠᠭᠳᠠᠵᠤ ᠦᠬᠦᠭᠰᠡᠨ ᠭᠡᠵᠤ ᠨᠤᠳᠠᠯᠠᠭᠰᠠᠨ ᠪᠠᠶᠢᠨᠠ᠃
ᠳᠡᠭᠡᠷᠡᠬᠢ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ ᠄ ᠬᠡᠷᠡᠭ ᠬᠦᠯᠢᠶᠡᠨ ᠠᠪᠤᠭᠰᠠᠨ ᠳᠠᠩᠰᠠᠯᠠᠯ᠂ ᠵᠠᠭᠠᠯᠳᠤᠭᠳᠠᠭᠴᠢ ᠶᠢᠨ ᠪᠠᠷᠢᠭᠳᠠᠭᠰᠠᠨ ᠦᠩᠭᠡᠷᠡᠯᠲᠡ᠂ ᠡᠷᠦᠬᠡ ᠠᠮᠠ ᠶᠢᠨ ᠭᠡᠷᠡᠴᠢ᠂ ᠡᠷᠡᠭᠦᠦ ᠶᠢᠨ ᠰᠢᠭᠦᠨ ᠲᠠᠰᠤᠯᠤᠯᠲᠠ ᠶᠢᠨ ᠪᠢᠴᠢᠭ᠂ ᠪᠠᠶᠢᠳᠠᠯ ᠤᠨ ᠲᠣᠳᠤᠷᠬᠠᠶᠢᠯᠠᠯᠲᠠ ᠵᠡᠷᠭᠡ ᠪᠢᠴᠢᠭ ᠦᠨ ᠭᠡᠷᠡᠴᠢ︔ ᠳᠠᠷᠤᠵᠤ ᠠᠪᠬᠤ ᠲᠤᠭᠲᠠᠭᠠᠯ ᠤᠨ ᠪᠢᠴᠢᠭ᠂ ᠳᠠᠷᠤᠵᠤ ᠠᠪᠤᠭᠰᠠᠨ ᠳᠠᠩᠰᠠᠯᠠᠯ︔ ᠭᠡᠷᠡᠴᠢᠯᠡᠭᠴᠢ ᠤ**᠂ ᠴᠢ**᠂ ᠤ** ᠵᠡᠷᠭᠡ ᠬᠦᠮᠦᠰ ᠦᠨ ︔ ᠲᠤᠬᠠᠢ ᠶᠢᠨ ᠲᠠᠯᠠᠪᠤᠷ ᠤᠨ ᠬᠠᠶᠢᠨ ᠪᠠᠶᠢᠴᠠᠭᠠᠯᠲᠠ ᠶᠢᠨ ᠲᠡᠮᠲᠡᠭᠯᠡᠯ︔ ᠬᠠᠤᠯᠢ ᠶᠢᠨ ᠡᠮᠴᠢ ᠶᠢᠨ ᠬᠡᠭᠦᠷ ᠪᠡᠶᠡ ᠶᠢ ᠵᠠᠳᠠᠯᠤᠭᠰᠠᠨ ᠬᠢᠨᠠᠨ ᠲᠤᠭᠲᠠᠭᠠᠯᠲᠠ ᠶᠢᠨ ᠪᠢᠴᠢᠭ᠂ ᠬᠠᠤᠯᠢ ᠶᠢᠨ ᠡᠮᠴᠢ ᠶᠢᠨ ᠬᠠᠤᠯᠢ ᠴᠠᠭᠠᠵᠠ ᠶᠢᠨ ᠬᠢᠨᠠᠨ ᠲᠤᠭᠲᠠᠭᠠᠯᠲᠠ ᠶᠢᠨ ᠪᠢᠴᠢᠭ ︔ ᠪᠣᠳᠠᠰ ᠤᠨ ᠭᠡᠷᠡᠴᠢ᠂ ᠰᠡᠭᠦᠳᠡᠷ ᠵᠢᠷᠤᠭ ᠪᠠ ᠬᠣᠶᠠᠷ ᠦᠴᠢᠭᠯᠡᠯ ᠪᠠ ᠵᠦᠪᠳᠦᠭᠡᠯᠲᠡ ᠵᠡᠷᠭᠡ ᠪᠠᠶᠢᠨᠠ᠃
᠂ ᠰᠤ**᠂ ᠵᠠᠩ** ᠤᠯᠤᠰ ᠤᠨ ᠬᠠᠤᠯᠢ ᠴᠠᠭᠠᠵᠠ ᠶᠢ ᠬᠠᠶᠢᠬᠤᠷᠬᠤ ᠦᠭᠡᠢ᠂ ᠵᠣᠷᠢᠭᠤᠳᠠ ᠪᠣᠰᠣᠳ ᠢ ᠴᠣᠬᠢᠵᠤ ᠰᠢᠷᠬᠠᠳᠤᠭᠤᠯᠤᠭᠠᠳ ᠦᠬᠦᠭᠦᠯᠦᠭᠰᠡᠨ ᠦᠢᠯᠡ ᠠᠵᠢᠯᠯᠠᠭᠠ ᠨᠢ ᠨᠢᠭᠡᠨᠲᠡ《 》 ᠬᠣᠶᠠᠷ ᠭᠤᠴᠢᠨ ᠳᠦᠷᠪᠡᠳᠦᠭᠡᠷ ᠤᠨ ᠬᠣᠶᠠᠳᠤᠭᠠᠷ ᠵᠣᠷᠪᠤᠰ᠂ ᠬᠣᠷᠢᠨ ᠲᠠᠪᠤᠳᠤᠭᠠᠷ ᠵᠦᠢᠯ ᠳᠦ ᠵᠣᠷᠢᠭᠤᠳᠠ ᠰᠢᠷᠬᠠᠳᠤᠭᠤᠯᠤᠭᠰᠠᠨ ᠬᠣᠶᠠᠷ ᠵᠠᠭᠠᠯᠳᠤᠭᠳᠠᠭᠴᠢ ᠪᠣᠯ ᠬᠠᠮᠲᠤ ᠬᠡᠷᠡᠭᠲᠡᠨ᠃《 》 ᠵᠢᠷᠭᠤᠳᠤᠭᠠᠷ ᠨᠢᠭᠡᠳᠦᠭᠡᠷ ᠵᠣᠷᠪᠤᠰ ᠤᠨ
ᠡᠭᠦᠨ ᠦ ᠲᠤᠯᠠ
ᠠᠪᠠᠭᠠ ᠬᠣᠰᠢᠭᠤᠨ ᠤ ᠠᠷᠠᠳ ᠤᠨ ᠰᠢᠬᠦᠬᠦ ᠬᠣᠷᠢᠶᠠᠨ ᠳᠤ
ᠪᠠᠶᠢᠴᠠᠭᠠᠭᠴᠢ ᠄ ᠾᠦᠸ᠋ᠸ ᠲᠠᠨᠠ
2020 ᠤᠨ ᠤ 9 ᠰᠠᠷᠠ ᠶᠢᠨ 8 ᠤ ᠡᠳᠦᠷ
ᠲᠠᠭᠠᠯᠳᠤᠭᠤᠯᠤᠯ ᠄
1. ᠵᠠᠭᠠᠯᠳᠤᠭᠳᠠᠭᠴᠢ ᠰᠤ**᠂ ᠵᠠᠩ** ᠣᠳᠤ ᠠᠪᠠᠭᠠ ᠬᠣᠰᠢᠭᠤᠨ ᠤ ᠰᠠᠬᠢᠨ ᠬᠠᠷᠠᠬᠤ ᠭᠠᠵᠠᠷ ᠳᠠᠷᠤᠭᠳᠠᠵᠤ ᠪᠣᠢ᠃
2. ᠬᠡᠷᠡᠭ ᠦᠨ ᠡᠪᠬᠡᠮᠡᠯ ᠳᠦᠷᠪᠡᠨ ᠪᠣᠳᠢ᠂ ᠰᠤᠯᠠ ᠭᠡᠷᠡᠴᠢ ᠨᠢᠭᠡ ᠬᠠᠭᠤᠳᠠᠰᠤ᠃
3. ᠭᠡᠷᠡᠴᠢᠯᠡᠭᠴᠢ ᠶᠢᠨ ᠨᠡᠷᠡᠰ ᠨᠢᠭᠡ ᠬᠤᠪᠢ᠃
4. ᠬᠡᠷᠡᠭ ᠲᠦ ᠬᠣᠯᠪᠤᠭᠳᠠᠭᠰᠠᠨ ᠪᠣᠳᠠᠰ ᠤᠨ ᠭᠡᠷᠡᠴᠢ ᠶᠢᠨ ᠬᠦᠷᠭᠡᠯᠲᠡ ᠶᠢᠨ ᠳᠠᠩᠰᠠ ᠨᠢᠭᠡ ᠬᠤᠪᠢ᠃
评论
成为第一个评论者
发表评论
评论