阿巴嘎旗人民检察院
起 诉 书
阿检一部刑诉〔2020〕8号
ᠵᠠᠭᠠᠯᠳᠤᠭᠳᠠᠭᠴᠢ ᠲᠡ **᠂ ᠡᠷᠡᠭᠲᠡᠢ ᠂ 1980 ᠣᠨ ᠤ ** ᠰᠠᠷᠠ ᠶᠢᠨ ** ᠦ ᠡᠳᠦᠷ ᠲᠦᠷᠦᠵᠡᠢ ᠂ ᠪᠡᠶᠡ ᠶᠢᠨ ᠦᠨᠡᠮᠯᠡᠯ ᠦᠨ ᠨᠣᠮᠸᠷ᠄ 1525221980********᠂ ᠡᠷᠦᠬᠡ ᠠᠮᠠ ᠪᠠᠶᠢᠭᠠ ᠭᠠᠵᠠᠷ ᠄ ᠦᠪᠦᠷ ᠮᠤᠩᠭᠤᠯ ᠤᠨ ᠰᠢᠯᠢ ᠶᠢᠨ ᠭᠣᠣᠯ ᠠᠶᠢᠮᠠᠭ ᠤᠨ ᠠᠪᠠᠭᠠ ᠬᠣᠰᠢᠭᠤ ᠮᠤᠩᠭᠤᠯ ᠂ ᠰᠣᠶᠤᠯ ᠦᠭᠡᠢ᠂ ᠮᠠᠯᠴᠢᠨ ᠣᠳᠤ ᠠᠪᠠᠭᠠ ᠬᠣᠰᠢᠭᠤᠨ ᠤ ** ᠰᠤᠮᠤᠨ ᠤ ** ᠭᠠᠴᠠᠭᠠᠨ ᠳᠤ ᠰᠠᠭᠤᠵᠤ ᠪᠤᠢ᠂ ᠶᠠᠯᠠᠯᠠᠭᠳᠠᠵᠤ ᠦᠩᠭᠡᠷᠡᠭᠰᠡᠨ ᠦᠭᠡᠢ ᠃ 2019 ᠣᠨ ᠤ 6 ᠰᠠᠷᠠ ᠶᠢᠨ 5 ᠤ ᠡᠳᠦᠷ ᠠᠶᠤᠯᠲᠠᠢ ᠵᠢᠯᠤᠭᠤᠳᠤᠭᠰᠠᠨ ᠬᠡᠷᠡᠭ ᠦᠨ ᠰᠡᠵᠢᠭᠯᠡᠯ ᠢᠶᠡᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠤᠪᠴᠢᠶᠠᠨ ᠳᠤ ᠬᠠᠤᠯᠢ ᠶᠣᠰᠤᠭᠠᠷ ᠪᠠᠲᠤᠯᠠᠭᠠ ᠠᠪᠴᠦ ᠰᠢᠭᠦᠯᠲᠡ ᠶᠢ ᠬᠦᠯᠢᠶᠡᠬᠦ ᠭᠠᠷ ᠭᠦᠢᠴᠡᠳᠭᠡᠯ ᠬᠢᠪᠡ᠃ 2020 ᠣᠨ ᠤ 6 ᠰᠠᠷᠠ ᠶᠢᠨ 4 ᠤ ᠡᠳᠦᠷ ᠮᠠᠨ ᠤ ᠬᠣᠷᠢᠶᠠᠨ ᠳᠤ ᠳᠠᠬᠢᠨᠲᠠ ᠪᠠᠲᠤᠯᠠᠭᠠ ᠠᠪᠴᠤ ᠰᠢᠭᠦᠯᠲᠡ ᠶᠢ ᠭᠠᠷ ᠭᠦᠢᠴᠡᠳᠭᠡᠯ ᠬᠢᠪᠡ᠃
ᠲᠤᠰ ᠬᠡᠷᠡᠭ ᠢ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠪᠠᠶᠢᠴᠠᠭᠠᠵᠤ ᠳᠠᠭᠤᠰᠬᠠᠭᠠᠳ᠂ ᠵᠠᠭᠠᠯᠳᠤᠭᠳᠠᠭᠴᠢ ᠲᠡ ** ᠢ ᠠᠶᠤᠯᠲᠠᠢ ᠵᠢᠯᠤᠭᠤᠳᠤᠭᠰᠠᠨ ᠶᠠᠯᠠ ᠶᠢᠨ ᠰᠡᠵᠢᠭᠯᠡᠯ ᠢᠶᠡᠷ ᠂ 2020 ᠣᠨ ᠤ 6 ᠰᠠᠷᠠ ᠶᠢᠨ 4 ᠤ ᠡᠳᠦᠷ ᠮᠠᠨ ᠤ ᠬᠣᠷᠢᠶᠠᠨ ᠳᠤ ᠬᠢᠨᠠᠨ ᠵᠠᠭᠠᠯᠳᠤᠭᠤᠯᠬᠤ ᠪᠡᠷ ᠰᠢᠯᠵᠢᠭᠦᠯᠦᠨ ᠢᠷᠡᠭᠦᠯᠵᠡᠢ ᠃ ᠲᠤᠰ ᠬᠤᠷᠢᠶᠠ ᠬᠡᠷᠡᠭ ᠢ ᠬᠦᠯᠢᠶᠡᠨ ᠠᠪᠤᠭᠰᠠᠨ ᠤ ᠳᠠᠷᠠᠭᠠ᠂ 2020 ᠣᠨ ᠤ 6 ᠰᠠᠷᠠ ᠶᠢᠨ 4 ᠦ ᠡᠳᠦᠷ ᠵᠠᠭᠠᠯᠳᠤᠭᠳᠠᠭᠴᠢ ᠳᠤ ᠦᠮᠦᠭᠯᠡᠭᠴᠢ ᠵᠠᠯᠠᠬᠤ ᠡᠷᠬᠡ ᠲᠠᠢ ᠪᠠ ᠶᠠᠯᠠ ᠪᠠᠨ ᠮᠡᠳᠡᠷᠡᠵᠤ ᠰᠢᠳᠭᠡᠯ ᠢ ᠬᠦᠯᠢᠶᠡᠬᠦ ᠶᠢᠨ ᠬᠠᠤᠯᠢ ᠶᠢᠨ ᠦᠷᠡ ᠨᠦᠯᠦᠭᠡ ᠶᠢ ᠮᠡᠳᠡᠭᠳᠡᠨ᠂ ᠬᠣᠣᠷᠯᠠᠭᠳᠠᠭᠴᠢ ᠳᠦ ᠵᠠᠷᠭᠤ ᠶᠢᠨ ᠣᠷᠤᠯᠠᠭᠴᠢ ᠨᠠᠶᠢᠳᠠᠬᠤ ᠡᠷᠬᠡ ᠲᠠᠢ ᠭᠡᠵᠤ ᠮᠡᠳᠡᠭᠳᠡᠪᠡ᠃ ᠵᠠᠭᠠᠯᠳᠤᠭᠳᠠᠭᠴᠢ ᠶᠢ ᠰᠢᠭᠦᠨ ᠠᠰᠠᠭᠤᠵᠤ᠂ ᠵᠠᠭᠠᠯᠳᠤᠭᠳᠠᠭᠴᠢ ᠪᠠ ᠵᠢᠵᠢᠭᠦᠷᠯᠡᠭᠴᠢ ᠬᠠᠤᠯᠢᠴᠢ ᠶᠢᠨ ᠰᠠᠨᠠᠯ ᠢ ᠰᠣᠨᠤᠰᠴᠤ᠂ ᠪᠦᠬᠦ ᠬᠡᠷᠡᠭ ᠦᠨ ᠮᠠᠲᠸᠷᠢᠶᠠᠯ ᠢ ᠬᠢᠨᠠᠨ ᠪᠠᠶᠢᠴᠠᠭᠠᠪᠠ ᠃ ᠵᠠᠭᠠᠯᠳᠤᠭᠳᠠᠭᠴᠢ ᠲᠡ** ᠳᠦᠭᠦᠮ ᠵᠢᠷᠤᠮ ᠢ ᠬᠡᠷᠡᠭᠡᠯᠡᠵᠤ ᠰᠢᠭᠦᠨ ᠲᠠᠰᠤᠯᠬᠤ ᠶᠢ ᠵᠦᠪᠰᠢᠶᠡᠷᠡᠪᠡ᠃
ᠬᠠᠤᠯᠢ ᠶᠣᠰᠤᠭᠠᠷ ᠬᠢᠨᠠᠨ ᠪᠠᠶᠢᠴᠠᠭᠠᠵᠤ ᠲᠤᠳᠤᠯᠠᠭᠰᠠᠨ ᠨᠢ ᠄ 2019 ᠣᠨ ᠤ 5 ᠰᠠᠷᠠ ᠶᠢᠨ 21 ᠦ ᠡᠳᠦᠷ ᠦᠨ 11 ᠴᠠᠭ 30 ᠮᠢᠨᠦ᠋ᠲ ᠤᠨ ᠦᠶᠡ ᠪᠡᠷ᠂ ᠵᠠᠭᠠᠯᠳᠤᠭᠳᠠᠭᠴᠢ ᠲᠡ** ᠠᠷᠢᠬᠢᠨ ᠳᠤ ᠰᠣᠭᠲᠤᠭᠰᠠᠨ ᠤ ᠳᠠᠷᠠᠭᠠ ᠵᠢᠯᠣᠭᠤᠴᠢ ᠶᠢᠨ ᠦᠨᠡᠮᠯᠡᠯ ᠦᠭᠡᠢ ᠪᠡᠷ ᠫᠠᠶᠢᠰᠠ ᠦᠭᠡᠢ ᠬᠣᠶᠠᠷ ᠬᠦᠷᠳᠦᠲᠤ ᠮᠣᠲ᠋ᠤᠷ ᠲᠡᠷᠭᠡ ᠤᠨᠤᠨ ᠡᠮᠦᠨᠡ ᠡᠴᠡ ᠬᠣᠶᠢᠰᠢ ᠪᠠᠨ ᠶᠠᠪᠤᠵᠤ ᠠᠪᠠᠭᠠ ᠬᠣᠰᠢᠭᠤᠨ ᠤ ᠪᠡᠯᠭᠦᠳᠡᠢ ᠪᠠᠯᠭᠠᠰᠤᠨ ᠤ ᠬᠠᠮᠪᠤ ᠬᠤᠳᠠᠯᠳᠤᠭᠠ ᠶᠢᠨ ᠪᠠᠷᠠᠭᠤᠨ ᠡᠭᠦᠳᠡ ᠬᠦᠷᠬᠦ ᠳᠦ ᠬᠣᠣᠷᠯᠠᠭᠳᠠᠭᠴᠢ ᠾᠦᠸ᠋ᠸ ** ᠦ ᠵᠢᠯᠣᠭᠤᠴᠢ ᠶᠢᠨ ᠦᠨᠡᠮᠯᠡᠯ ᠦᠭᠡᠢ ᠪᠡᠷ ᠵᠢᠯᠣᠭᠤᠳᠤᠨ ᠬᠣᠶᠢᠨᠠ ᠠᠴᠠ ᠡᠮᠦᠨᠡ ᠪᠡᠨ ᠶᠠᠪᠤᠵᠤ ᠵᠡᠭᠦᠨᠰᠢ ᠮᠤᠷᠤᠶᠢᠵᠤ ᠣᠷᠤᠬᠤ ᠭᠡᠰᠡᠨ蒙H****3 ᠨᠣᠮᠸᠷᠲᠤ ᠲᠠᠢ ᠮᠦᠷᠭᠦᠵᠤ᠂ ᠵᠠᠭᠠᠯᠳᠤᠭᠳᠠᠭᠴᠢ ᠲᠡ** ᠰᠢᠷᠬᠠᠳᠤᠭᠰᠠᠨ ᠪᠠ ᠬᠣᠶᠠᠷ ᠲᠡᠷᠭᠡ ᠠᠳᠠᠯᠢ ᠪᠣᠰᠤ ᠬᠡᠮᠵᠢᠶᠡᠨ ᠦ ᠡᠪᠳᠡᠷᠡᠭᠰᠡᠨ ᠵᠠᠮ ᠬᠠᠷᠢᠯᠴᠠᠭᠠᠨ ᠤ ᠭᠡᠨᠡᠳᠡᠯ ᠡᠭᠦᠰᠴᠦ᠂ ᠲᠤᠰ ᠭᠡᠨᠡᠳᠡᠯ ᠤᠨ ᠬᠡᠷᠡᠭ ᠲᠦ ᠵᠠᠭᠠᠯᠳᠤᠭᠳᠠᠭᠴᠢ ᠲᠡ** ᠳᠡᠳ᠋ ᠬᠠᠷᠢᠭᠤᠴᠠᠯᠭᠠ ᠡᠭᠦᠷᠭᠡᠯᠡᠵᠤ᠂ ᠾᠦᠸ᠋ᠸ ** ᠭᠣᠣᠯ ᠬᠠᠷᠢᠭᠤᠴᠠᠯᠭᠠ ᠶᠢ ᠡᠭᠦᠷᠭᠡᠯᠡᠨᠡ᠃ ᠲᠡ ** ᠤᠨ ᠤᠨ ᠬᠡᠮᠵᠢᠶᠡ 275.34 mg/100 ml ᠪᠠᠶᠢᠵᠤ᠂ ᠠᠷᠢᠬᠢᠨ ᠳᠤ ᠰᠣᠭᠲᠤᠭᠰᠠᠨ ᠳᠤ ᠲᠣᠭᠠᠴᠢᠭᠳᠠᠨᠠ᠃
ᠳᠡᠭᠡᠷᠡᠬᠢ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ᠄ ᠬᠡᠷᠡᠭ ᠬᠦᠯᠢᠶᠡᠨ ᠠᠪᠤᠭᠰᠠᠨ ᠳᠠᠩᠰᠠᠯᠠᠯ᠂ ᠵᠠᠭᠠᠯᠳᠤᠭᠳᠠᠭᠴᠢ ᠶᠢᠨ ᠪᠠᠷᠢᠭᠳᠠᠭᠰᠠᠨ ᠦᠩᠭᠡᠷᠡᠯᠲᠡ᠂ ᠡᠷᠦᠬᠡ ᠠᠮᠠ ᠶᠢᠨ ᠭᠡᠷᠡᠴᠢ᠂ ᠬᠡᠮᠵᠢᠶᠡᠨ ᠦ ᠭᠡᠷᠡᠴᠢ᠂ ᠠᠭᠤᠴᠢᠯᠠᠯ ᠤᠨ ᠪᠢᠴᠢᠭ᠂ ᠶᠠᠯᠠ ᠪᠠᠨ ᠮᠡᠳᠡᠷᠡᠵᠤ ᠰᠢᠳᠭᠡᠯ ᠢ ᠬᠦᠯᠢᠶᠡᠪᠡᠯ ᠠᠭᠤᠴᠢᠯᠠᠨ ᠰᠢᠳᠭᠡᠬᠦ ᠳᠦᠷᠢᠮ ᠢ ᠬᠡᠷᠡᠭᠯᠡᠬᠦ ᠶᠢ ᠵᠦᠪᠰᠢᠶᠡᠷᠡᠬᠦ ᠰᠠᠨᠠᠯ ᠤᠨ ᠪᠢᠴᠢᠭ ᠵᠡᠷᠭᠡ ᠪᠢᠴᠢᠭ ᠦᠨ ᠭᠡᠷᠡᠴᠢ︔ ᠬᠣᠣᠷᠯᠠᠭᠳᠠᠭᠴᠢ ᠾᠦᠸ᠋ᠸ** ᠦ ᠲᠣᠭᠠᠴᠢᠯᠲᠠ︔ ᠭᠡᠷᠡᠴᠢᠯᠡᠭᠴᠢ ᠾᠦᠸ᠋ᠸ **1 ᠤ ᠭᠡᠷᠡᠴᠢ ᠦᠭᠡ︔ ᠵᠠᠮ ᠬᠠᠷᠢᠯᠴᠠᠭᠠᠨ ᠤ ᠭᠡᠨᠡᠳᠡᠯ ᠢ ᠮᠠᠭᠠᠳᠯᠠᠨ ᠲᠤᠭᠲᠠᠭᠠᠭᠰᠠᠨ ᠪᠢᠴᠢᠭ᠂ ᠪᠢᠴᠢᠭ ᠪᠠᠶᠢᠨᠠ᠃
ᠳᠡᠭᠡᠷᠡᠬᠢ ᠭᠡᠷᠡᠴᠢ ᠪᠠᠷᠢᠮᠳᠠ ᠶᠢ ᠴᠤᠭᠯᠠᠭᠤᠯᠤᠭᠰᠠᠨ ᠵᠢᠷᠤᠮ ᠨᠢ ᠬᠠᠤᠯᠢ ᠶᠢᠨ ᠲᠤᠭᠲᠠᠭᠠᠯ ᠳᠤ ᠨᠡᠶᠢᠴᠡᠵᠤ᠂ ᠠᠭᠤᠯᠭᠠ ᠨᠢ ᠪᠣᠰᠤᠳᠴᠢ ᠦᠨᠡᠨ ᠪᠣᠳᠠᠲᠠᠢ᠂ ᠵᠠᠭᠠᠯᠳᠤᠭᠰᠠᠨ ᠶᠠᠯᠠᠲᠤ ᠬᠡᠷᠡᠭ ᠢ ᠭᠡᠷᠡᠴᠢᠯᠡᠵᠤ ᠳᠡᠶᠢᠯᠦᠨᠡ᠃ ᠵᠠᠭᠠᠯᠳᠤᠭᠳᠠᠭᠴᠢ ᠲᠡ** ᠵᠠᠭᠠᠯᠳᠤᠭᠰᠠᠨ ᠶᠠᠯᠠᠲᠤ ᠬᠡᠷᠡᠭ ᠪᠠ ᠭᠡᠷᠡᠴᠢ ᠪᠠᠷᠢᠮᠳᠠ ᠳᠤ ᠰᠠᠨᠠᠯ ᠦᠭᠡᠢ᠂ ᠰᠠᠶᠢᠨ ᠳᠤᠷᠠ ᠠᠴᠠ ᠪᠠᠨ ᠶᠠᠯᠠ ᠪᠠᠨ ᠮᠡᠳᠡᠷᠡᠵᠤ᠂ ᠰᠢᠳᠭᠡᠯ ᠢ ᠬᠦᠯᠢᠶᠡᠨᠡ᠃
ᠲᠡ** ᠬᠠᠶᠢᠬᠤᠷᠬᠤ ᠦᠭᠡᠢ ᠰᠣᠭᠲᠤᠭᠤ ᠪᠠᠷ ᠵᠢᠷᠭᠤᠳᠤᠭᠠᠷ ᠨᠢᠭᠡᠳᠦᠭᠡᠷ ᠵᠣᠷᠪᠤᠰ ᠤᠨ
ᠡᠭᠦᠨ ᠦ ᠲᠤᠯᠠ
ᠠᠪᠠᠭᠠ ᠬᠣᠰᠢᠭᠤᠨ ᠤ ᠠᠷᠠᠳ ᠤᠨ ᠰᠢᠬᠦᠬᠦ ᠬᠣᠷᠢᠶᠠᠨ ᠳᠤ
ᠪᠠᠶᠢᠴᠠᠭᠠᠭᠴᠢ ᠄ ᠾᠦᠸ᠋ᠸ ᠲᠠᠨᠠ
2020 ᠤᠨ ᠤ 6 ᠰᠠᠷᠠ ᠶᠢᠨ 18 ᠤ ᠡᠳᠦᠷ
ᠲᠠᠭᠠᠯᠳᠤᠭᠤᠯᠤᠯ ᠄
1. ᠵᠠᠭᠠᠯᠳᠤᠭᠳᠠᠭᠴᠢ ᠲᠡ** ᠠᠪᠠᠭᠠ ᠬᠣᠰᠢᠭᠤᠨ ᠤ ** ᠰᠤᠮᠤᠨ ᠤ **ᠭᠠᠴᠠᠭᠠᠨ ᠤ ᠭᠡᠷ ᠲᠦ ᠪᠡᠨ ᠪᠠᠲᠤᠯᠠᠭᠠ ᠠᠪᠴᠦ ᠰᠢᠭᠦᠯᠲᠡ ᠶᠢ ᠬᠦᠯᠢᠶᠡᠵᠤ ᠪᠠᠶᠢᠨᠠ᠃
2. ᠬᠡᠷᠡᠭ ᠦᠨ ᠡᠪᠬᠡᠮᠡᠯ ᠬᠣᠶᠠᠷ ᠪᠣᠳᠢ᠃
3. ᠶᠠᠯᠠ ᠪᠠᠨ ᠮᠡᠳᠡᠷᠡᠨ ᠰᠢᠳᠭᠡᠯ ᠢ ᠬᠦᠯᠢᠶᠡᠵᠤ ᠭᠡᠮᠰᠢᠨ ᠤᠬᠠᠭᠠᠷᠠᠬᠤ ᠪᠠᠲᠤᠯᠠᠭᠠ ᠶᠢᠨ ᠪᠢᠴᠢᠭ ᠨᠢᠭᠡ ᠬᠤᠪᠢ᠃
4. ᠡᠷᠡᠭᠦᠦ ᠣᠨᠤᠭᠳᠠᠭᠤᠯᠬᠤ ᠰᠠᠨᠠᠭᠤᠯᠭᠠ ᠶᠢᠨ ᠪᠢᠴᠢᠭ ᠬᠣᠶᠠᠷ ᠬᠤᠪᠢ᠃
评论
成为第一个评论者
发表评论
评论