阿巴嘎旗人民检察院
起 诉 书
阿检一部刑诉〔2020〕5号
ᠰᠠ ** 1983 ** ** 1525221983******** ᠡᠷᠦᠬᠡ ᠠᠮᠠ ᠪᠠᠶᠢᠭᠠ ᠭᠠᠵᠠᠷ᠄ ᠦᠪᠦᠷ ᠮᠤᠩᠭᠤᠯ ᠤᠨ ᠬᠣᠰᠢᠭᠤ᠂ ** ** 2015 ᠤ 10 ᠰᠠᠷᠠ ᠶᠢᠨ 28 ᠦ ᠡᠳᠦᠷ ᠳᠤ ᠨᠢᠭᠡ ᠦᠨ ᠡᠷᠡᠭᠦᠦ ᠶᠠᠯᠠᠯᠠᠭᠳᠠᠪᠠ ᠃ 2019 ᠣᠨ ᠤ 7 ᠰᠠᠷᠠ ᠶᠢᠨ 5 ᠦ ᠡᠳᠦᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠣᠪᠴᠢᠶᠠᠨ ᠳᠤ ᠵᠠᠰᠠᠭ ᠵᠠᠬᠢᠷᠭᠠᠨ ᠤ ᠬᠣᠷᠢᠯᠲᠠ ᠪᠠᠷ ᠬᠣᠷᠢᠭᠳᠠᠵᠤ᠂ 2019 ᠣᠨ ᠤ 7ᠰᠠᠷᠠ ᠶᠢᠨ 19 ᠤ ᠡᠳᠦᠷ ᠠᠶᠤᠯᠲᠠᠢ ᠵᠢᠯᠤᠭᠤᠳᠤᠭᠰᠠᠨ ᠬᠡᠷᠡᠭ ᠦᠨ ᠰᠡᠵᠢᠭᠯᠡᠯ ᠢᠶᠡᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠤᠪᠴᠢᠶᠠᠨ ᠳᠤ ᠬᠠᠤᠯᠢ ᠶᠣᠰᠤᠭᠠᠷ ᠪᠠᠲᠤᠯᠠᠭᠠ ᠠᠪᠴᠦ ᠰᠢᠭᠦᠯᠲᠡ ᠶᠢ ᠬᠦᠯᠢᠶᠡᠵᠤ ᠂ 2020 ᠣᠨ ᠤ 5ᠰᠠᠷᠠ ᠶᠢᠨ 6 ᠤ ᠡᠳᠦᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠤᠪᠴᠢᠶᠠᠨ ᠳᠤ ᠡᠷᠡᠭᠦᠦ ᠶᠢᠨ ᠲᠦᠷ ᠬᠣᠷᠢᠯᠲᠠ ᠪᠠᠷ ᠬᠣᠷᠢᠭᠳᠠᠪᠠ᠃
ᠲᠤᠰ ᠬᠡᠷᠡᠭ ᠢ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠪᠠᠶᠢᠴᠠᠭᠠᠵᠤ ᠳᠠᠭᠤᠰᠬᠠᠭᠠᠳ᠂ ᠵᠠᠭᠠᠯᠳᠤᠭᠳᠠᠭᠴᠢ ᠰᠠ ** ᠶᠢ ᠠᠶᠤᠯᠲᠠᠢ ᠵᠢᠯᠤᠭᠤᠳᠤᠭᠰᠠᠨ ᠶᠠᠯᠠ ᠶᠢᠨ ᠰᠡᠵᠢᠭᠯᠡᠯ ᠢᠶᠡᠷ ᠂ 2020 ᠣᠨ ᠤ 5 ᠰᠠᠷᠠ ᠶᠢᠨ 8 ᠦ ᠡᠳᠦᠷ ᠮᠠᠨ ᠤ ᠬᠣᠷᠢᠶᠠᠨ ᠳᠤ ᠬᠢᠨᠠᠨ ᠵᠠᠭᠠᠯᠳᠤᠭᠤᠯᠬᠤ ᠪᠡᠷ ᠰᠢᠯᠵᠢᠭᠦᠯᠦᠨ ᠢᠷᠡᠭᠦᠯᠵᠡᠢ ᠃ ᠲᠤᠰ ᠬᠤᠷᠢᠶᠠ ᠬᠡᠷᠡᠭ ᠢ ᠬᠦᠯᠢᠶᠡᠨ ᠠᠪᠤᠭᠰᠠᠨ ᠤ ᠳᠠᠷᠠᠭᠠ᠂ 5ᠰᠠᠷᠠ ᠶᠢᠨ 8 ᠦ ᠡᠳᠦᠷ ᠵᠠᠭᠠᠯᠳᠤᠭᠳᠠᠭᠴᠢ ᠳᠤ ᠦᠮᠦᠭᠯᠡᠭᠴᠢ ᠵᠠᠯᠠᠬᠤ ᠡᠷᠬᠡ ᠲᠠᠢ ᠭᠡᠵᠤ ᠮᠡᠳᠡᠭᠳᠡᠬᠦ ᠶᠢᠨ ᠬᠠᠮᠲᠤ ᠬᠣᠣᠷᠯᠠᠭᠳᠠᠭᠴᠢ ᠳᠦ ᠵᠠᠷᠭᠤ ᠶᠢᠨ ᠣᠷᠤᠯᠠᠭᠴᠢ ᠨᠠᠶᠢᠳᠠᠬᠤ ᠡᠷᠬᠡ ᠲᠠᠢ ᠭᠡᠵᠤ ᠮᠡᠳᠡᠭᠳᠡᠪᠡ᠃ ᠵᠠᠭᠠᠯᠳᠤᠭᠳᠠᠭᠴᠢ ᠶᠢ ᠰᠢᠭᠦᠨ ᠠᠰᠠᠭᠤᠵᠤ ᠂ ᠶᠠᠯᠠ ᠪᠠᠨ ᠮᠡᠳᠡᠷᠡᠵᠤ ᠰᠢᠳᠭᠡᠯ ᠢ ᠬᠦᠯᠢᠶᠡᠬᠦ ᠶᠢᠨ ᠬᠠᠤᠯᠢ ᠶᠢᠨ ᠦᠷᠡ ᠨᠦᠯᠦᠭᠡ ᠶᠢ ᠮᠡᠳᠡᠭᠳᠡᠨ᠂ ᠵᠠᠭᠠᠯᠳᠤᠭᠳᠠᠭᠴᠢ ᠪᠠ ᠵᠢᠵᠢᠭᠦᠷᠯᠡᠭᠴᠢ ᠬᠠᠤᠯᠢᠴᠢ ᠶᠢᠨ ᠰᠠᠨᠠᠯ ᠢ ᠰᠣᠨᠤᠰᠴᠤ᠂ ᠪᠦᠬᠦ ᠬᠡᠷᠡᠭ ᠦᠨ ᠮᠠᠲᠸᠷᠢᠶᠠᠯ ᠢ ᠬᠢᠨᠠᠨ ᠪᠠᠶᠢᠴᠠᠭᠠᠪᠠ ᠃ ᠵᠠᠭᠠᠯᠳᠤᠭᠳᠠᠭᠴᠢ ᠰᠠ** ᠲᠦᠷᠭᠡᠨ ᠵᠢᠷᠤᠮ ᠢ ᠬᠡᠷᠡᠭᠯᠡᠵᠤ ᠰᠢᠭᠦᠨ ᠲᠠᠰᠤᠯᠬᠤ ᠶᠢ ᠵᠦᠪᠰᠢᠶᠡᠷᠡᠪᠡ᠃
ᠬᠠᠤᠯᠢ ᠶᠣᠰᠤᠭᠠᠷ ᠬᠢᠨᠠᠨ ᠪᠠᠶᠢᠴᠠᠭᠠᠵᠤ ᠲᠤᠳᠤᠯᠠᠭᠰᠠᠨ ᠨᠢ ᠄ 2019 ᠣᠨ ᠤ 7ᠰᠠᠷᠠ ᠶᠢᠨ 2 ᠦ ᠡᠳᠦᠷ ᠦᠨ 17 ᠴᠠᠭ 20 ᠮᠢᠨᠦ᠋ᠲ ᠤᠨ ᠦᠶᠡ ᠪᠡᠷ᠂ ** ᠫᠠᠶᠢᠰᠠ ᠦᠭᠡᠢ ᠬᠦᠷᠲᠤᠲᠤ ᠤᠨᠤᠵᠤ ** ᠪᠠᠯᠭᠠᠰᠤᠨ ᠤ ᠬᠠᠮᠪᠤ ᠬᠤᠳᠠᠯᠳᠤᠭᠠ ᠶᠢᠨ ᠭᠠᠵᠠᠷ ᠪᠠᠷᠠᠭᠤᠨ ᠠᠴᠠ ᠵᠡᠭᠦᠨᠰᠢ ᠶᠠᠪᠤᠭᠠᠳ ᠨᠠᠨ ᠹᠠᠩ ᠬᠣᠪᠴᠠᠰᠤᠨ ᠳᠡᠯᠭᠡᠭᠦᠷ ᠦᠨ ᠡᠮᠦᠨᠡ ᠡᠰᠡᠷᠭᠦ ᠲᠠᠯᠠ ᠠᠴᠠ ᠢᠷᠡᠭᠰᠡᠨ ᠸᠠᠩ** ᠶᠢᠨ ᠤᠨᠤᠭᠰᠠᠨ ᠬᠣᠶᠠᠷ ᠬᠦᠷᠲᠤᠳᠤ ᠴᠠᠬᠢᠯᠭᠠᠨ ᠮᠣᠲ᠋ᠤᠷ ᠲᠠᠢ ᠮᠦᠷᠭᠦᠯᠳᠤᠵᠤ᠂ ᠳᠠᠬᠢᠨ ᠵᠠᠮ ᠤᠨ ᠬᠠᠵᠠᠭᠤ ᠳᠤ ᠵᠣᠭᠰᠤᠵᠣ ᠪᠠᠶᠢᠭᠰᠠᠨ蒙H50807 ᠨᠣᠮᠸᠷᠲᠤ ᠶᠢ ᠮᠦᠷᠭᠦᠭᠰᠡᠨ ᠵᠠᠮ ᠬᠠᠷᠢᠯᠴᠠᠭᠠᠨ ᠤ ᠭᠡᠨᠡᠳᠡᠯ ᠡᠭᠦᠰᠴᠦ᠂ ᠵᠠᠭᠠᠯᠳᠤᠭᠳᠠᠭᠴᠢ ᠰᠠ ** ᠪᠠ ᠸᠠᠩ ** ᠲᠤᠰ ᠭᠡᠨᠡᠳᠡᠯ ᠦᠨ ᠬᠡᠷᠡᠭ ᠲᠤ ᠠᠳᠠᠯᠢ ᠬᠡᠮᠵᠢᠶᠡᠨ ᠦ ᠬᠠᠷᠢᠭᠤᠴᠠᠯᠭᠠ ᠶᠢ ᠡᠭᠦᠷᠭᠡᠯᠡᠨᠡ᠃ ᠰᠠ ** ᠶᠢᠨ ᠤᠨ ᠬᠡᠮᠵᠢᠶᠡ 161.52 mg/100 ml ᠪᠠᠶᠢᠵᠤ᠂ ᠠᠷᠢᠬᠢᠨ ᠳᠤ ᠰᠣᠭᠲᠤᠭᠰᠠᠨ ᠳᠤ ᠲᠣᠭᠠᠴᠢᠭᠳᠠᠨᠠ᠃
ᠳᠡᠭᠡᠷᠡᠬᠢ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ᠄ ᠬᠡᠷᠡᠭ ᠬᠦᠯᠢᠶᠡᠨ ᠠᠪᠤᠭᠰᠠᠨ ᠳᠠᠩᠰᠠᠯᠠᠯ᠂ ᠵᠠᠭᠠᠯᠳᠤᠭᠳᠠᠭᠴᠢ ᠶᠢᠨ ᠪᠠᠷᠢᠭᠳᠠᠭᠰᠠᠨ ᠦᠩᠭᠡᠷᠡᠯᠲᠡ᠂ ᠡᠷᠦᠬᠡ ᠠᠮᠠ ᠶᠢᠨ ᠭᠡᠷᠡᠴᠢ᠂ ᠬᠡᠮᠵᠢᠶᠡᠨ ᠦ ᠭᠡᠷᠡᠴᠢ ᠪᠠ ᠰᠢᠳᠭᠡᠯ ᠢᠶᠡᠷ ᠰᠢᠳᠭᠡᠬᠦ ᠲᠤᠭᠲᠠᠭᠠᠯ ᠤᠨ ᠪᠢᠴᠢᠭ ᠵᠡᠷᠭᠡ ᠪᠢᠴᠢᠭ ᠦᠨ ᠭᠡᠷᠡᠴᠢ︔ ᠬᠣᠣᠷᠯᠠᠭᠳᠠᠭᠴᠢ ᠸᠠᠩ **1ᠪᠠ ᠯᠢᠶᠠᠩ** ᠤ ᠲᠣᠭᠠᠴᠢᠯᠲᠠ︔ ᠵᠠᠮ ᠬᠠᠷᠢᠯᠴᠠᠭᠠᠨ ᠤ ᠭᠡᠨᠡᠳᠡᠯ ᠢ ᠮᠠᠭᠠᠳᠯᠠᠨ ᠲᠤᠭᠲᠠᠭᠠᠭᠰᠠᠨ ᠪᠢᠴᠢᠭ᠂ ᠪᠢᠴᠢᠭ᠂ ᠰᠡᠭᠦᠳᠡᠷ ᠪᠠᠶᠢᠨᠠ᠃
ᠳᠡᠭᠡᠷᠡᠬᠢ ᠭᠡᠷᠡᠴᠢ ᠪᠠᠷᠢᠮᠳᠠ ᠶᠢ ᠴᠤᠭᠯᠠᠭᠤᠯᠤᠭᠰᠠᠨ ᠵᠢᠷᠤᠮ ᠨᠢ ᠬᠠᠤᠯᠢ ᠶᠢᠨ ᠲᠤᠭᠲᠠᠭᠠᠯ ᠳᠤ ᠨᠡᠶᠢᠴᠡᠵᠤ᠂ ᠠᠭᠤᠯᠭᠠ ᠨᠢ ᠪᠣᠰᠤᠳᠴᠢ ᠦᠨᠡᠨ ᠪᠣᠳᠠᠲᠠᠢ᠂ ᠵᠠᠭᠠᠯᠳᠤᠭᠰᠠᠨ ᠶᠠᠯᠠᠲᠤ ᠬᠡᠷᠡᠭ ᠢ ᠭᠡᠷᠡᠴᠢᠯᠡᠵᠤ ᠳᠡᠶᠢᠯᠦᠨᠡ᠃ ᠵᠠᠭᠠᠯᠳᠤᠭᠳᠠᠭᠴᠢ ᠰᠠ ** ᠵᠠᠭᠠᠯᠳᠤᠭᠰᠠᠨ ᠶᠠᠯᠠᠲᠤ ᠬᠡᠷᠡᠭ ᠪᠠ ᠭᠡᠷᠡᠴᠢ ᠪᠠᠷᠢᠮᠳᠠ ᠳᠤ ᠰᠠᠨᠠᠯ ᠦᠭᠡᠢ᠂ ᠰᠠᠶᠢᠨ ᠳᠤᠷᠠ ᠠᠴᠠ ᠪᠠᠨ ᠶᠠᠯᠠ ᠪᠠᠨ ᠮᠡᠳᠡᠷᠡᠵᠤ᠂ ᠰᠢᠳᠭᠡᠯ ᠢ ᠬᠦᠯᠢᠶᠡᠨᠡ᠃
ᠰᠠ** ᠬᠠᠶᠢᠬᠤᠷᠬᠤ ᠦᠭᠡᠢ ᠰᠣᠭᠲᠤᠭᠤ ᠪᠠᠷ ︽ ︾ ︽ ︾ ᠵᠢᠷᠭᠤᠳᠤᠭᠠᠷ ᠨᠢᠭᠡᠳᠦᠭᠡᠷ ᠵᠣᠷᠪᠤᠰ ᠤᠨ
ᠡᠭᠦᠨ ᠦ ᠲᠤᠯᠠ
ᠠᠪᠠᠭᠠ ᠬᠣᠰᠢᠭᠤᠨ ᠤ ᠠᠷᠠᠳ ᠤᠨ ᠰᠢᠬᠦᠬᠦ ᠬᠣᠷᠢᠶᠠᠨ ᠳᠤ
ᠪᠠᠶᠢᠴᠠᠭᠠᠭᠴᠢ ᠄ ᠾᠦᠸ᠋ᠸ ᠲᠠᠨᠠ
2020 ᠤᠨ ᠤ 5ᠰᠠᠷᠠ ᠶᠢᠨ 9 ᠤ ᠡᠳᠦᠷ
ᠲᠠᠭᠠᠯᠳᠤᠭᠤᠯᠤᠯ ᠄
1. ᠵᠠᠭᠠᠯᠳᠤᠭᠳᠠᠭᠴᠢ ᠰᠠ ** ᠣᠳᠤ ᠠᠪᠠᠭᠠ ᠬᠣᠰᠢᠭᠤᠨ ᠤ ᠰᠠᠬᠢᠨ ᠬᠠᠷᠠᠬᠤ ᠭᠠᠵᠠᠷ ᠳᠠᠷᠤᠭᠳᠠᠵᠤ ᠪᠣᠢ᠃
2. ᠬᠡᠷᠡᠭ ᠦᠨ ᠡᠪᠬᠡᠮᠡᠯ ᠬᠣᠶᠠᠷ ᠪᠣᠳᠢ᠃
3. ᠶᠠᠯᠠ ᠪᠠᠨ ᠮᠡᠳᠡᠷᠡᠨ ᠰᠢᠳᠭᠡᠯ ᠢ ᠬᠦᠯᠢᠶᠡᠵᠤ ᠭᠡᠮᠰᠢᠨ ᠤᠬᠠᠭᠠᠷᠠᠬᠤ ᠪᠠᠲᠤᠯᠠᠭᠠ ᠶᠢᠨ ᠪᠢᠴᠢᠭ ᠨᠢᠭᠡ ᠬᠤᠪᠢ᠃
评论
成为第一个评论者
发表评论
评论