阿巴嘎旗人民检察院
起 诉 书
阿检一部刑诉〔2020〕Z53号
ᠵᠠᠭᠠᠯᠳᠤᠭᠳᠠᠭᠴᠢ ᠡᠩ **᠂ ᠡᠷᠡᠭᠲᠡᠢ ᠂1980 ᠣᠨ ᠤ ** ᠰᠠᠷᠠ ᠶᠢᠨ ** ᠦ ᠡᠳᠦᠷ ᠲᠦᠷᠦᠵᠡᠢ᠂ ᠪᠡᠶᠡ ᠶᠢᠨ ᠦᠨᠡᠮᠯᠡᠯ ᠦᠨ ᠨᠣᠮᠸᠷ᠄1525221980********᠂ ᠡᠷᠦᠬᠡ ᠠᠮᠠ ᠪᠠᠶᠢᠭᠠ ᠭᠠᠵᠠᠷ᠄ ᠦᠪᠦᠷ ᠮᠤᠩᠭᠤᠯ ᠤᠨ ᠰᠢᠯᠢ ᠶᠢᠨ ᠭᠣᠣᠯ ᠠᠶᠢᠮᠠᠭ ᠤᠨ ᠠᠪᠠᠭᠠ ᠬᠣᠰᠢᠭᠤᠨ ᠤ ** ᠰᠣᠮᠤᠨ ᠤ ** ᠭᠠᠴᠠᠭᠠ ᠮᠤᠩᠭᠤᠯ ᠂ ᠪᠠᠭᠠ ᠰᠤᠷᠭᠠᠭᠤᠯᠢ ᠶᠢᠨ ᠰᠣᠶᠤᠯ ᠲᠠᠢ᠂ ᠠᠵᠢᠯ ᠦᠭᠡᠢ ᠪᠠᠷᠢᠪᠴᠢᠯᠠᠭᠳᠠᠬᠤ ᠠᠴᠠ ᠡᠮᠦᠨᠡ ᠠᠪᠠᠭᠠ ᠬᠣᠰᠢᠭᠤᠨ ᠤ ᠪᠡᠯᠭᠦᠳᠡᠢ ᠪᠠᠯᠭᠠᠰᠤᠨ ᠳᠤ ᠰᠠᠭᠤᠵᠤ ᠪᠠᠶᠢᠪᠠ᠃ 2002 ᠣᠨ ᠤ 1 ᠰᠠᠷᠠ ᠶᠢᠨ 8 ᠦ ᠡᠳᠦᠷ ᠬᠦᠴᠦᠷᠬᠡᠭᠯᠡᠨ ᠨᠦᠵᠢᠳᠯᠡᠭᠰᠡᠨ ᠶᠠᠯᠠ ᠪᠠ ᠬᠤᠯᠠᠭᠠᠶᠢᠯᠠᠭᠰᠠᠨ ᠶᠠᠯᠠ ᠪᠠᠷ ᠠᠪᠠᠭᠠ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠳᠤ ᠲᠠᠪᠤᠨ ᠵᠢᠯ ᠦᠨ ᠬᠤᠭᠤᠴᠠᠭᠠ ᠲᠠᠢ ᠬᠣᠷᠢᠬᠤ ᠡᠷᠡᠭᠦᠦ ᠪᠠᠷ ᠰᠢᠭᠦᠨ ᠲᠠᠰᠤᠯᠤᠭᠳᠠᠵᠤ᠂ 2009 ᠣᠨ ᠤ 3 ᠰᠠᠷᠠ ᠶᠢᠨ 27 ᠦ ᠡᠳᠦᠷ ᠲᠣᠨᠤᠨ ᠳᠡᠭᠡᠷᠡᠮᠳᠡᠭᠰᠡᠨ ᠶᠠᠯᠠ ᠪᠠ ᠬᠤᠯᠠᠭᠠᠶᠢᠯᠠᠭᠰᠠᠨ ᠶᠠᠯᠠ ᠪᠠᠷ ᠵᠡᠭᠦᠨ ᠦᠵᠦᠮᠦᠴᠢᠨ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠳᠤ ᠠᠷᠪᠠᠨ ᠵᠢᠯ ᠦᠨ ᠬᠤᠭᠤᠴᠠᠭᠠ ᠲᠠᠢ ᠬᠣᠷᠢᠬᠤ ᠡᠷᠡᠭᠦᠦ ᠪᠡᠷ ᠰᠢᠭᠦᠨ ᠲᠠᠰᠤᠯᠤᠭᠳᠠᠵᠤ᠂ 2017 ᠣᠨ ᠤ 9 ᠰᠠᠷᠠ ᠶᠢᠨ 4 ᠦ ᠡᠳᠦᠷ ᠬᠤᠯᠠᠭᠠᠶᠢᠯᠠᠭᠰᠠᠨ ᠶᠠᠯᠠ ᠪᠠ ᠡᠳ᠋ ᠪᠣᠳᠠᠰ ᠢ ᠵᠣᠷᠢᠭᠤᠳᠠ ᠡᠪᠳᠡᠨ ᠰᠦᠢᠳᠭᠡᠭᠰᠡᠨ ᠶᠠᠯᠠ ᠪᠠᠷ ᠠᠪᠠᠭᠠ ᠬᠣᠰᠢᠭᠤᠨ ᠤ ᠠᠷᠠᠳ ᠤᠨ ᠰᠢᠭᠦᠬᠦ ᠬᠣᠷᠢᠶᠠᠨ ᠳᠤ ᠬᠣᠶᠠᠷ ᠵᠢᠯ ᠵᠢᠷᠭᠤᠭᠠᠨ ᠰᠠᠷᠠ ᠶᠢᠨ ᠬᠤᠭᠤᠴᠠᠭᠠ ᠲᠠᠢ ᠬᠣᠷᠢᠬᠤ ᠡᠷᠡᠭᠦᠦ ᠪᠠᠷ ᠰᠢᠭᠦᠨ ᠲᠠᠰᠤᠯᠤᠭᠳᠠᠵᠤ᠂ 2019 ᠣᠨ ᠤ 8 ᠰᠠᠷᠠ ᠶᠢᠨ 22 ᠦ ᠡᠳᠦᠷ ᠰᠤᠯᠠᠯᠠᠭᠳᠠᠪᠠ ᠃ 2020 ᠣᠨ ᠤ 10 ᠰᠠᠷᠠ ᠶᠢᠨ 2 ᠦ ᠡᠳᠦᠷ ᠬᠤᠯᠠᠭᠠᠶᠢᠯᠠᠭᠰᠠᠨ ᠬᠡᠷᠡᠭ ᠦᠨ ᠰᠡᠵᠢᠭᠯᠡᠯ ᠢᠶᠡᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠤᠪᠴᠢᠶᠠᠨ ᠳᠤ ᠡᠷᠡᠭᠦᠦ ᠶᠢᠨ ᠲᠦᠷ ᠬᠣᠷᠢᠯᠲᠠ ᠪᠠᠷ ᠬᠣᠷᠢᠭᠳᠠᠵᠤ᠂ 2020 ᠣᠨ ᠤ 10 ᠰᠠᠷᠠ ᠶᠢᠨ 30 ᠦ ᠡᠳᠦᠷ ᠮᠠᠨ ᠤ ᠬᠣᠷᠢᠶᠠᠨ ᠤ ᠵᠦᠪᠰᠢᠶᠡᠷᠡᠯ ᠢᠶᠡᠷ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠣᠪᠴᠢᠶᠠᠨ ᠳᠤ ᠪᠠᠷᠢᠪᠴᠢᠯᠠᠭᠳᠠᠪᠠ᠃
ᠲᠤᠰ ᠬᠡᠷᠡᠭ ᠢ ᠠᠪᠠᠭᠠ ᠬᠣᠰᠢᠭᠤᠨ ᠤ ᠳᠣᠲᠤᠭᠠᠳᠤ ᠶᠢ ᠬᠠᠮᠠᠭᠠᠯᠠᠬᠤ ᠲᠣᠷᠰᠢᠨ ᠪᠠᠶᠢᠴᠠᠭᠠᠵᠤ ᠳᠠᠭᠤᠰᠬᠠᠭᠠᠳ᠂ ᠵᠠᠭᠠᠯᠳᠤᠭᠳᠠᠭᠴᠢ ᠡᠩ ** ᠢ ᠬᠤᠯᠠᠭᠠᠶᠢᠯᠠᠭᠰᠠᠨ ᠶᠠᠯᠠ ᠶᠢᠨ ᠰᠡᠵᠢᠭᠯᠡᠯ ᠢᠶᠡᠷ᠂ 2020 ᠣᠨ ᠤ 11 ᠰᠠᠷᠠ ᠶᠢᠨ 26 ᠤ ᠡᠳᠦᠷ ᠮᠠᠨ ᠤ ᠬᠣᠷᠢᠶᠠᠨ ᠳᠤ ᠬᠢᠨᠠᠨ ᠵᠠᠭᠠᠯᠳᠤᠭᠤᠯᠬᠤ ᠪᠡᠷ ᠰᠢᠯᠵᠢᠭᠦᠯᠦᠨ ᠢᠷᠡᠭᠦᠯᠵᠡᠢ᠃ ᠮᠠᠨ ᠤ ᠬᠤᠷᠢᠶᠠ ᠬᠡᠷᠡᠭ ᠢ ᠬᠦᠯᠢᠶᠡᠨ ᠠᠪᠤᠭᠰᠠᠨ ᠤ ᠳᠠᠷᠠᠭᠠ᠂ 2020 ᠣᠨ ᠤ 11 ᠰᠠᠷᠠ ᠶᠢᠨ 26 ᠦ ᠡᠳᠦᠷ ᠵᠠᠭᠠᠯᠳᠤᠭᠳᠠᠭᠴᠢ ᠳᠤ ᠦᠮᠦᠭᠯᠡᠭᠴᠢ ᠵᠠᠯᠠᠬᠤ ᠡᠷᠬᠡ ᠲᠠᠢ ᠪᠠ ᠶᠠᠯᠠ ᠪᠠᠨ ᠮᠡᠳᠡᠷᠡᠵᠤ ᠰᠢᠳᠭᠡᠯ ᠢ ᠬᠦᠯᠢᠶᠡᠬᠦ ᠶᠢᠨ ᠬᠠᠤᠯᠢ ᠶᠢᠨ ᠦᠷᠡ ᠨᠦᠯᠦᠭᠡ ᠶᠢ ᠮᠡᠳᠡᠭᠳᠡᠨ᠂ ᠬᠣᠣᠷᠯᠠᠭᠳᠠᠭᠴᠢ ᠳᠦ ᠵᠠᠷᠭᠤ ᠶᠢᠨ ᠣᠷᠤᠯᠠᠭᠴᠢ ᠨᠠᠶᠢᠳᠠᠬᠤ ᠡᠷᠬᠡ ᠲᠠᠢ ᠭᠡᠵᠤ ᠮᠡᠳᠡᠭᠳᠡᠪᠡ᠃ ᠵᠠᠭᠠᠯᠳᠤᠭᠳᠠᠭᠴᠢ ᠶᠢ ᠰᠢᠭᠦᠨ ᠠᠰᠠᠭᠤᠵᠤ᠂ ᠵᠠᠭᠠᠯᠳᠤᠭᠳᠠᠭᠴᠢ ᠪᠠ ᠵᠢᠵᠢᠭᠦᠷᠯᠡᠭᠴᠢ ᠬᠠᠤᠯᠢᠴᠢ ᠶᠢᠨ ᠰᠠᠨᠠᠯ ᠢ ᠰᠣᠨᠤᠰᠴᠤ᠂ ᠪᠦᠬᠦ ᠬᠡᠷᠡᠭ ᠦᠨ ᠮᠠᠲᠸᠷᠢᠶᠠᠯ ᠢ ᠬᠢᠨᠠᠨ ᠪᠠᠶᠢᠴᠠᠭᠠᠪᠠ᠃ ᠵᠠᠭᠠᠯᠳᠤᠭᠳᠠᠭᠴᠢ ᠡᠩ ** ᠳᠦᠭᠦᠮ ᠵᠢᠷᠤᠮ ᠢ ᠬᠡᠷᠡᠭᠯᠡᠵᠤ ᠰᠢᠭᠦᠨ ᠲᠠᠰᠤᠯᠬᠤ ᠶᠢ ᠵᠦᠪᠰᠢᠶᠡᠷᠡᠪᠡ᠃
ᠬᠠᠤᠯᠢ ᠶᠣᠰᠤᠭᠠᠷ ᠬᠢᠨᠠᠨ ᠪᠠᠶᠢᠴᠠᠭᠠᠵᠤ ᠲᠤᠳᠤᠯᠠᠭᠰᠠᠨ ᠨᠢ ᠄ 1. 2020 ᠣᠨ ᠤ 8 ᠰᠠᠷᠠ ᠶᠢᠨ14 ᠦ ᠦᠷ ᠢᠶᠡᠷ᠂ ᠵᠠᠭᠠᠯᠳᠤᠭᠳᠠᠭᠴᠢ ᠡᠩ ** ᠠᠪᠠᠭᠠ ᠬᠣᠰᠢᠭᠤᠨ ᠤ ** ᠪᠠᠯᠭᠠᠰᠣᠨ ᠤ ᠬᠣᠣᠷᠯᠠᠭᠳᠠᠭᠴᠢ ᠰᠢ ** ᠦᠨ ᠭᠡᠷ ᠦᠨ ᠣᠨᠢᠰᠤ ᠶᠢ ᠨᠢ ᠡᠪᠳᠡᠨ ᠣᠷᠤᠵᠤ᠂ ᠭᠡᠷ ᠠᠴᠠ ᠨᠢ ᠭᠤᠷᠪᠠᠨ ᠭᠠᠷ ᠤᠲᠠᠰᠤ᠂ ᠬᠣᠶᠠᠷ ᠬᠠᠶᠢᠷᠴᠠᠭ ᠲᠠᠮᠠᠬᠢ᠂ ᠨᠢᠭᠡ ᠲᠦᠩᠫᠡᠨ ᠴᠢᠨᠠᠭᠰᠠᠨ ᠮᠢᠬᠠ ᠶᠢ ᠨᠢ ᠬᠤᠯᠠᠭᠠᠶᠢᠯᠠᠵᠤ᠂ ᠨᠢᠭᠡ ᠭᠠᠷ ᠤᠲᠠᠰᠤ ᠶᠢ ᠨᠢ ᠡᠪᠳᠡᠯᠪᠡ᠃
2. 2020 ᠣᠨ ᠤ 8 ᠰᠠᠷᠠ ᠶᠢᠨ 29 ᠦ ᠡᠳᠦᠷ᠂ ᠵᠠᠭᠠᠯᠳᠤᠭᠳᠠᠭᠴᠢ ᠡᠩ ** ᠰᠢᠯᠢᠩᠬᠣᠲᠠ ᠶᠢᠨ ** ᠰᠤᠮᠤᠨ ᠤ ** ᠭᠠᠴᠠᠭᠠᠨ ᠤ ᠦᠨ ** ᠶᠢᠨ ᠵᠤᠰᠠᠭᠠᠯ ᠳᠡᠭᠡᠷᠡ ᠬᠣᠣᠷᠯᠠᠭᠳᠠᠭᠴᠢ ᠦ ** ᠶᠢᠨ ᠰᠠᠭᠤᠭᠠ ᠭᠡᠷ ᠲᠤᠨᠢ ᠣᠷᠤᠵᠤ᠂ ᠬᠣᠪᠴᠠᠰᠤᠨ ᠤ ᠬᠠᠷᠮᠠᠨ ᠠᠴᠠ ᠨᠢ 400.00 ᠲᠦᠭᠦᠷᠢᠭ ᠬᠤᠯᠠᠭᠠᠶᠢᠯᠠᠪᠠ᠃
3. 2020 ᠣᠨ ᠤ 9 ᠰᠠᠷᠠ ᠶᠢᠨ 7 ᠦ ᠣᠷᠣᠢ᠂ ᠵᠠᠭᠠᠯᠳᠤᠭᠳᠠᠭᠴᠢ ᠡᠩ ** ** ᠰᠤᠮᠤᠨ ᠤ ᠬᠣᠣᠷᠯᠠᠭᠳᠠᠭᠴᠢ ᠲᠥᠩ ** ᠤ ᠭᠡᠷ ᠦᠨ ᠴᠣᠩᠬᠤ ᠶᠢ ᠨᠢ ᠡᠪᠳᠡᠨ ᠣᠷᠤᠵᠤ᠂ ᠭᠡᠷ ᠲᠣᠳᠤᠷᠠᠬᠢ ᠶᠠᠭᠤᠮᠠ ᠶᠢ ᠨᠢ ᠤᠷᠪᠠᠭᠤᠯᠵᠤ᠂ ᠨᠢᠭᠡ ᠬᠦᠨᠵᠢᠯᠡ ᠪᠠ ᠲᠠᠩᠰᠠ᠂ ᠨᠢᠭᠡ ᠬᠦᠪᠦᠩ ᠥᠮᠥᠳᠥ᠂ ᠨᠢᠭᠡ ᠴᠠᠬᠢᠯᠭᠠᠨ ᠲᠣᠭᠤᠭᠠ᠂ ᠨᠢᠭᠡ ᠴᠠᠭᠠᠨ ᠰᠦᠯᠢᠶᠣᠣ ᠰᠠᠭᠤᠯᠭᠠ ᠶᠢ ᠬᠤᠯᠠᠭᠠᠶᠢᠯᠠᠪᠠ᠃
4. 2020 ᠣᠨ ᠤ 9 ᠰᠠᠷᠠ ᠶᠢᠨ 9 ᠦ ᠣᠷᠤᠢ᠂ ᠵᠠᠭᠠᠯᠳᠤᠭᠳᠠᠭᠴᠢ ᠡᠩ ** ** ᠰᠤᠮᠤᠨ ᠤ ᠬᠣᠣᠷᠯᠠᠭᠳᠠᠭᠴᠢ ᠭᠡ ** ᠶᠢᠨ ᠬᠦᠷᠢᠶᠡᠨ ᠬᠡᠷᠡᠮ ᠢᠶᠡᠷ ᠦᠰᠦᠷᠦᠨ ᠤᠷᠤᠵᠤ᠂ ᠪᠠᠷᠠᠭᠠᠨ ᠤ ᠬᠥᠮᠦᠷᠭᠡ ᠳ᠋ᠤᠨᠢ ᠪᠠᠶᠢᠭᠰᠠᠨ ᠬᠣᠶᠠᠷ ᠯᠤᠩᠬᠤ ᠲᠠᠯᠠ ᠨᠤᠲᠤᠭ ᠤᠨ ᠬᠠᠷᠠ ᠠᠷᠢᠬᠢ᠂ ᠮᠠ ᠬᠤᠸᠠ ᠪᠤᠭᠤᠷᠰᠤᠭ ᠪᠠ ᠥᠷᠭᠡᠰᠦᠲᠦ ᠬᠡᠮᠬᠡ ᠵᠡᠷᠭᠡ ᠢᠳᠡᠭᠡᠨ ᠢ ᠨᠢ ᠬᠤᠯᠠᠭᠠᠶᠢᠯᠠᠪᠠ᠃
5. 2020 ᠣᠨ ᠤ 9 ᠰᠠᠷᠠ ᠶᠢᠨ 9 ᠤ ᠣᠷᠤᠢ᠂ ᠵᠠᠭᠠᠯᠳᠤᠭᠳᠠᠭᠴᠢ ᠡᠩ ** ** ᠰᠤᠮᠤᠨ ᠤ ᠬᠣᠣᠷᠯᠠᠭᠳᠠᠭᠴᠢ ᠶᠠᠩ ** ᠦᠨ ᠭᠡᠷ ᠦᠨ ᠴᠣᠩᠬᠤ ᠶᠢ ᠨᠢ ᠡᠪᠳᠡᠨ ᠣᠷᠤᠵᠤ᠂ ᠭᠡᠷ ᠲᠣᠳᠤᠷᠠᠬᠢ ᠶᠠᠭᠤᠮᠠ ᠶᠢ ᠨᠢ ᠤᠷᠪᠠᠭᠤᠯᠵᠤ᠂ ᠶᠢᠰᠦᠨ ᠯᠣᠩᠬᠤ ᠳ᠋ᠦᠩ ᠹᠠᠩ ᠬᠤᠩ ᠨᠡᠷᠡᠲᠤ ᠬᠠᠷᠠ ᠠᠷᠢᠬᠢ ᠶᠢ ᠨᠢ ᠬᠤᠯᠠᠭᠠᠶᠢᠯᠠᠪᠠ᠃
6. 2020 ᠣᠨ ᠤ 9 ᠰᠠᠷᠠ ᠶᠢᠨ 8 ᠦ ᠡᠳᠦᠷ᠂ ᠵᠠᠭᠠᠯᠳᠤᠭᠳᠠᠭᠴᠢ ᠡᠩ ** ** ᠰᠤᠮᠤᠨ ᠤ ᠬᠣᠣᠷᠯᠠᠭᠳᠠᠭᠴᠢ ᠭᠠ ** ᠶᠢᠨ ᠭᠡᠷ ᠦᠨ ᠴᠣᠩᠬᠤ ᠶᠢ ᠨᠢ ᠡᠪᠳᠡᠨ ᠣᠷᠤᠵᠤ᠂ 9 ᠰᠠᠷᠠ ᠶᠢᠨ12 ᠦ ᠡᠳᠦᠷ ᠪᠣᠯᠲᠠᠯᠠ ᠰᠠᠭᠤᠵᠤ᠂ ᠡᠨᠡᠬᠦ ᠬᠣᠭᠤᠴᠠᠭᠠᠨ ᠳᠤ ᠭᠡᠷ ᠲᠣᠳᠤᠷᠠᠬᠢ ᠶᠠᠭᠤᠮᠠ ᠶᠢ ᠨᠢ ᠤᠷᠪᠠᠭᠤᠯᠵᠤ᠂ ᠨᠢᠭᠡ ᠪᠠᠭᠠ ᠲᠸᠯᠸᠰ ᠪᠠ ᠴᠠᠬᠢᠯᠭᠠᠨ ᠲᠣᠭᠤᠭᠠ ᠶᠢ ᠨᠢ ᠡᠪᠳᠡᠯᠪᠡ᠃
ᠳᠡᠭᠡᠷᠡᠬᠢ ᠪᠤᠳᠠᠳᠤ ᠶᠠᠪᠤᠳᠠᠯ ᠢ ᠨᠣᠲᠠᠯᠠᠬᠤ ᠭᠡᠷᠡᠴᠢ ᠪᠠᠷᠢᠮᠳᠠ᠄ 1. ᠬᠡᠷᠡᠭ ᠬᠦᠯᠢᠶᠡᠨ ᠠᠪᠤᠭᠰᠠᠨ ᠳᠠᠩᠰᠠᠯᠠᠯ᠂ ᠡᠷᠦᠬᠡ ᠠᠮᠠ ᠶᠢᠨ ᠭᠡᠷᠡᠴᠢ᠂ ᠵᠠᠭᠠᠯᠳᠤᠭᠳᠠᠭᠴᠢ ᠶᠢᠨ ᠪᠠᠷᠢᠭᠳᠠᠭᠰᠠᠨ ᠦᠩᠭᠡᠷᠡᠯᠲᠡ ᠵᠡᠷᠭᠡ ᠪᠢᠴᠢᠭ ᠦᠨ ᠭᠡᠷᠡᠴᠢ︔ 2. ᠬᠣᠣᠷᠯᠠᠭᠳᠠᠭᠴᠢ ᠰᠢ **᠂ ᠦ ** ᠂ ᠲᠦᠩ **᠂ ᠭᠡ **᠂ ᠶᠠᠩ **᠂ ᠭᠠ ᠶᠢᠨ ᠲᠣᠭᠠᠴᠢᠯᠲᠡ︔ ᠲᠤᠬᠠᠢ ᠶᠢᠨ ᠲᠠᠯᠠᠪᠤᠷ ᠤᠨ ᠬᠠᠶᠢᠨ ᠪᠠᠶᠢᠴᠠᠭᠠᠯᠲᠠ ᠶᠢᠨ ᠲᠡᠮᠲᠡᠭᠯᠡᠯ᠂ ᠵᠢᠷᠤᠭ᠂ ᠰᠡᠭᠦᠳᠡᠷ︔ ᠲᠤᠬᠠᠢ ᠶᠢᠨ ᠲᠠᠯᠠᠪᠤᠷ ᠢ ᠵᠢᠭᠠᠨ ᠲᠠᠨᠢᠭᠰᠠᠨ ᠲᠡᠮᠲᠡᠭᠯᠡᠯ︔ ᠭᠡ** ᠶᠢᠨ ᠭᠡᠷ ᠦᠨ ᠬᠢᠨᠠᠨ ᠡᠵᠡᠮᠰᠢᠯ ᠦᠨ ᠳᠦᠷᠰᠦ ᠰᠢᠩᠭᠡᠭᠡᠯᠲᠡ ᠪᠠᠶᠢᠨᠠ᠃
ᠳᠡᠭᠡᠷᠡᠬᠢ ᠭᠡᠷᠡᠴᠢ ᠪᠠᠷᠢᠮᠳᠠ ᠶᠢ ᠴᠤᠭᠯᠠᠭᠤᠯᠤᠭᠰᠠᠨ ᠵᠢᠷᠤᠮ ᠨᠢ ᠬᠠᠤᠯᠢ ᠶᠢᠨ ᠲᠤᠭᠲᠠᠭᠠᠯ ᠳᠤ ᠨᠡᠶᠢᠴᠡᠵᠤ᠂ ᠠᠭᠤᠯᠭᠠ ᠨᠢ ᠪᠣᠰᠤᠳᠴᠢ ᠦᠨᠡᠨ ᠪᠣᠳᠠᠲᠠᠢ᠂ ᠵᠠᠭᠠᠯᠳᠤᠭᠰᠠᠨ ᠶᠠᠯᠠᠲᠤ ᠬᠡᠷᠡᠭ ᠢ ᠭᠡᠷᠡᠴᠢᠯᠡᠵᠤ ᠳᠡᠶᠢᠯᠦᠨᠡ᠃ ᠵᠠᠭᠠᠯᠳᠤᠭᠳᠠᠭᠴᠢ ᠡᠩ** ᠵᠠᠭᠠᠯᠳᠤᠭᠰᠠᠨ ᠶᠠᠯᠠᠲᠤ ᠬᠡᠷᠡᠭ ᠪᠠ ᠭᠡᠷᠡᠴᠢ ᠪᠠᠷᠢᠮᠳᠠ ᠳᠤ ᠰᠠᠨᠠᠯ ᠦᠭᠡᠢ᠂ ᠰᠠᠶᠢᠨ ᠳᠤᠷᠠ ᠠᠴᠠ ᠪᠠᠨ ᠶᠠᠯᠠ ᠪᠠᠨ ᠮᠡᠳᠡᠷᠡᠵᠤ᠂ ᠰᠢᠳᠭᠡᠯ ᠢ ᠬᠦᠯᠢᠶᠡᠨᠡ᠃
ᠡᠩ ** ᠬᠠᠤᠯᠢ ᠪᠣᠰᠤ ᠪᠠᠷ ᠥᠪᠡᠷᠴᠢᠯᠡᠬᠦ ᠶᠢᠨ ᠲᠦᠯᠦᠭᠡ᠂ ᠣᠯᠠᠨᠲᠠ ᠭᠡᠷ ᠲᠤ ᠣᠷᠤᠵᠤ ᠨᠢᠭᠤᠴᠠ ᠪᠠᠷ ᠪᠣᠰᠤᠳ ᠤᠨ ᠡᠳ᠋ ᠬᠦᠷᠦᠩᠭᠡ ᠶᠢ ᠬᠤᠯᠠᠭᠠᠶᠢᠯᠠᠭᠰᠠᠨ ᠬᠣᠶᠠᠷ ᠵᠢᠷᠠᠨ ᠳᠦᠷᠪᠡᠳᠦᠭᠡᠷ ᠲᠤᠭᠲᠠᠭᠠᠯ ᠳᠤ ᠬᠤᠯᠠᠭᠠᠶᠢᠯᠠᠭᠰᠠᠨ ᠵᠠᠭᠠᠯᠳᠤᠭᠳᠠᠭᠴᠢ ᠡᠩ** ᠳᠠᠬᠢᠨᠲᠠ ᠬᠡᠷᠡᠭᠲᠡᠨ ᠪᠣᠯᠬᠤᠷ ︽ ︾ ᠵᠢᠷᠠᠨ ᠲᠠᠪᠤᠳᠤᠭᠠᠷ ᠲᠤᠭᠲᠠᠭᠠᠯ ᠪᠠᠷ ᠬᠦᠨᠳᠣ ᠪᠠᠷ ᠰᠢᠳᠭᠡᠬᠦ ᠬᠡᠷᠡᠭᠲᠡᠢ︔ ᠵᠠᠭᠠᠯᠳᠤᠭᠳᠠᠭᠴᠢ ᠡᠩ ** ᠬᠣᠶᠠᠷ ᠤᠳᠠᠭᠠᠨ ᠤ ᠶᠠᠯᠠᠲᠤ ᠬᠡᠷᠡᠭ ᠤᠨ ᠲᠤᠬᠠᠢ ᠪᠡᠶᠡ ᠪᠡᠨ ᠲᠤᠰᠢᠶᠠᠭᠰᠠᠨ ᠪᠠᠶᠢᠳᠠᠯ ᠲᠠᠢ ᠠᠴᠠ ︽ ︾ ᠵᠢᠷᠠᠨ ᠲᠣᠯᠤᠳᠤᠭᠠᠷ ᠲᠤᠭᠲᠠᠭᠠᠯ ᠪᠠᠷ ᠬᠦᠩᠭᠡᠨ ᠢᠶᠡᠷ ᠰᠢᠳᠭᠡᠵᠤ ᠪᠣᠯᠤᠨᠠ︔ ᠵᠠᠭᠠᠯᠳᠤᠭᠳᠠᠭᠴᠢ ᠡᠩ ** ᠶᠠᠯᠠ ᠪᠠᠨ ᠮᠡᠳᠡᠷᠡᠵᠤ᠂ ᠰᠢᠳᠭᠡᠯ ᠢ ᠬᠦᠯᠢᠶᠡᠬᠦ ᠲᠤᠯᠠ ︽ ︾ ᠠᠷᠪᠠᠨ ᠲᠠᠪᠤᠳᠤᠭᠠᠷ ᠤᠨ ᠬᠠᠤᠯᠢ ᠶᠣᠰᠤᠭᠠᠷ ᠠᠭᠤᠴᠢᠯᠠᠨ ᠰᠢᠳᠭᠡᠵᠤ ᠪᠣᠯᠤᠨᠠ᠃ ︽ ︾ ᠵᠢᠷᠭᠤᠳᠤᠭᠠᠷ
ᠡᠭᠦᠨ ᠦ ᠲᠤᠯᠠ
ᠠᠪᠠᠭᠠ ᠬᠣᠰᠢᠭᠤᠨ ᠤ ᠠᠷᠠᠳ ᠤᠨ ᠰᠢᠬᠦᠬᠦ ᠬᠣᠷᠢᠶᠠᠨ ᠳᠤ
ᠪᠠᠶᠢᠴᠠᠭᠠᠭᠴᠢ ᠄ ᠾᠦᠸ᠋ᠸ ᠲᠠᠨᠠ
2020 ᠤᠨ ᠤ 12 ᠰᠠᠷᠠ ᠶᠢᠨ17 ᠤ ᠡᠳᠦᠷ
ᠲᠠᠭᠠᠯᠳᠤᠭᠤᠯᠤᠯ ᠄
1. ᠵᠠᠭᠠᠯᠳᠤᠭᠳᠠᠭᠴᠢ ᠡᠩ ** ᠠᠪᠠᠭᠠ ᠬᠣᠰᠢᠭᠤᠨ ᠤ ᠰᠠᠬᠢᠨ ᠬᠠᠷᠠᠬᠤ ᠭᠠᠵᠠᠷ ᠬᠣᠷᠢᠭᠳᠠᠵᠤ ᠪᠠᠶᠢᠨᠠ᠃
2. ᠬᠡᠷᠡᠭ ᠦᠨ ᠡᠪᠬᠡᠮᠡᠯ ᠬᠣᠶᠠᠷ ᠪᠣᠳᠢ᠂ ᠳᠦᠷᠰᠦ ᠰᠢᠩᠭᠡᠭᠡᠯᠲᠡ ᠨᠢᠭᠡ ᠬᠤᠪᠢ᠃
3. ᠶᠠᠯᠠ ᠪᠠᠨ ᠮᠡᠳᠡᠷᠡᠨ ᠰᠢᠳᠭᠡᠯ ᠢ ᠬᠦᠯᠢᠶᠡᠵᠤ ᠭᠡᠮᠰᠢᠨ ᠤᠬᠠᠭᠠᠷᠠᠬᠤ ᠪᠠᠲᠤᠯᠠᠭᠠ ᠶᠢᠨ ᠪᠢᠴᠢᠭ ᠨᠢᠭᠡ ᠬᠤᠪᠢ᠃
4. ᠡᠷᠡᠭᠦᠦ ᠣᠨᠤᠭᠳᠠᠭᠤᠯᠬᠤ ᠰᠠᠨᠠᠭᠤᠯᠭᠠ ᠶᠢᠨ ᠪᠢᠴᠢᠭ ᠬᠣᠶᠠᠷ ᠬᠤᠪᠢ᠃
评论
成为第一个评论者
发表评论
评论